ᠡᠷᠡᠭᠲᠡᠶᠢᠴᠦᠳ ᠡᠮᠡᠭᠲᠡᠶᠢᠴᠦᠳ ᠠᠴᠠ 9.5 ᠵᠢᠯ  ᠪᠣᠭᠤᠨᠢ ᠨᠠᠰᠤᠯᠠᠵᠤ ᠪᠠᠶᠢᠨ᠎ᠡ | News.MN

ᠡᠷᠡᠭᠲᠡᠶᠢᠴᠦᠳ ᠡᠮᠡᠭᠲᠡᠶᠢᠴᠦᠳ ᠠᠴᠠ 9.5 ᠵᠢᠯ  ᠪᠣᠭᠤᠨᠢ ᠨᠠᠰᠤᠯᠠᠵᠤ ᠪᠠᠶᠢᠨ᠎ᠡ

ᠠᠷᠢᠬᠢ᠂ ᠲᠠᠮᠠᠬᠢᠨ ᠤ ᠵᠣᠬᠢᠰ ᠦᠭᠡᠶ ᠬᠡᠷᠡᠭᠯᠡᠭᠡ᠂ ᠠᠮᠢᠳᠤᠷᠠᠯ ᠤᠨ ᠪᠤᠷᠤᠭᠤ ᠬᠡᠪᠰᠢᠯ ᠠᠴᠠ ᠰᠢᠯᠲᠠᠭᠠᠯᠠᠭᠰᠠᠨ ᠬᠠᠯᠳᠠᠪᠤᠷᠢ ᠶᠢᠨ ᠪᠤᠰᠤ ᠡᠪᠡᠳᠴᠢᠨ ᠳᠤ ᠮᠣᠩᠭᠤᠯ ᠡᠷᠡᠭᠲᠡᠶᠢᠴᠦᠳ ᠣᠯᠠᠨ ᠢᠶᠠᠷ ᠢᠶᠠᠨ ᠦᠷᠲᠦᠵᠦ᠂ ᠠᠮᠢ ᠨᠡᠰᠦ ᠡᠷᠡᠭᠦᠯ ᠮᠡᠨᠳᠦ᠂ ᠠᠮᠢᠳᠤᠷᠠᠯ ᠤᠨ ᠴᠢᠨᠠᠷ ᠢᠶᠠᠨ ᠠᠯᠳᠠᠵᠤ ᠪᠠᠶᠢᠭ᠎ᠠ ᠶᠢ ᠡᠮᠴᠢ ᠮᠡᠷᠭᠡᠵᠢᠯᠲᠡᠳ ᠬᠡᠯᠡᠵᠦ ᠠᠩᠬᠠᠷᠤᠭᠤᠯᠤᠭᠰᠠᠭᠠᠷ ᠪᠠᠢᠨ᠎ᠠ᠃ ᠦᠨᠳᠦᠰᠦᠨ ᠤ ᠰᠲ᠋ᠠᠲ᠋ᠢᠰᠲ᠋ᠢᠺ ᠤᠨ ᠬᠤᠷᠢᠶᠠᠨ ᠤ 2021 ᠣᠨ ᠤ ᠮᠡᠳᠡᠭᠡ ᠪᠠᠷ ᠮᠣᠩᠭᠤᠯ ᠬᠥᠮᠥᠨ ᠤ ᠳᠤᠮᠳᠠᠴᠢ ᠨᠠᠰᠤᠯᠠᠯᠲᠠ 71᠂ ᠡᠮᠡᠭᠲᠡᠶᠢᠴᠦᠳ ᠤᠨ ᠳᠤᠮᠳᠠᠴᠢ ᠨᠠᠰᠤᠯᠠᠯᠲᠠ 76.5 ᠪᠣᠯ ᠡᠷᠡᠭᠲᠡᠶᠢᠴᠦᠳ ᠤᠨ ᠬᠢ 67 ᠪᠠᠶᠢᠨ᠎ᠡ᠃ ᠡᠷᠡᠭᠲᠡᠢ᠂ ᠡᠮᠡᠭᠳᠡᠢ ᠬᠥᠮᠥᠨ ᠤ ᠳᠤᠮᠳᠠᠴᠢ ᠨᠠᠰᠤᠯᠠᠯᠲᠠ ᠶᠢᠨ ᠵᠦᠷᠢᠬᠦᠦ 9.5 ᠪᠠᠶᠢᠨ᠎ᠡ᠃
ᠡᠷᠡᠭᠲᠡᠶᠢᠴᠦᠳ ᠬᠠᠯᠳᠠᠪᠤᠷᠢᠲᠤ ᠪᠤᠰᠤ ᠡᠪᠡᠳᠴᠢᠨ ᠳᠤ ᠦᠷᠲᠦᠬᠦ ᠡᠷᠡᠰᠳᠡᠯ 2021 ᠣᠨ ᠤ ᠰᠲ᠋ᠠᠲ᠋ᠢᠰᠲ᠋ᠢᠺ ᠢᠶᠠᠷ ᠡᠮᠡᠭᠲᠡᠶᠢᠴᠦᠳ ᠠᠴᠠ 1.5  ᠳᠠᠬᠢᠨ ᠦᠡᠳᠦᠷ ᠪᠠᠶᠢᠭ᠎ᠠ  ᠶᠤᠮ᠃ ᠲᠡᠳᠡᠨ ᠳᠦ ᠲᠣᠬᠢᠶᠠᠯᠳᠤᠬᠤ ᠬᠤᠤᠷᠲᠤ ᠬᠠᠪᠤᠳᠠᠷ ᠤᠨ ᠨᠢᠭᠡᠳᠦᠭᠡᠷ ᠲᠤ ᠡᠯᠢᠭᠡ᠂ ᠬᠤᠶᠠᠳᠤᠭᠠᠷ ᠲᠤ ᠬᠤᠳᠤᠭᠤᠳᠤᠨ ᠤ ᠬᠤᠤᠷᠲᠤ ᠬᠠᠪᠤᠳᠠᠷ ᠪᠢᠴᠢᠭᠳᠡᠳᠡᠭ᠃ ᠬᠤᠳᠤᠭᠤᠳᠤᠨ ᠤ ᠬᠤᠤᠷᠲᠤ ᠬᠠᠪᠤᠳᠠᠷ ᠢᠶᠠᠷ ᠵᠢᠯ ᠳᠤ 1000 ᠬᠥᠮᠦᠨ ᠣᠨᠤᠰᠢᠯᠠᠭᠳᠠᠵᠤ ᠪᠠᠶᠢᠭ᠎ᠠ ᠶᠢᠨ 600 ᠭᠠᠷᠦᠢ ᠨᠢ ᠡᠷᠡᠭᠲᠡᠢ ᠪᠠᠶᠢᠨ᠎ᠡ᠃

ᠰᠡᠳᠬᠢᠭᠳᠡᠯ ᠦᠯᠡᠳᠡᠭᠡᠬᠦ