ᠰ ∙ ᠪᠢᠮᠪᠠᠰᠦ᠋ᠷᠦᠩ ᠲᠡᠷᠢᠭᠦᠲᠡᠢ ᠲᠠᠪᠤᠨ ᠪᠥᠬᠡ ᠮᠠᠺᠦᠴᠢ ᠳᠦ ᠲᠡᠷᠢᠭᠦᠯᠡᠵᠦ ᠪᠠᠶᠢᠨ᠎ᠠ | News.MN

ᠰ ∙ ᠪᠢᠮᠪᠠᠰᠦ᠋ᠷᠦᠩ ᠲᠡᠷᠢᠭᠦᠲᠡᠢ ᠲᠠᠪᠤᠨ ᠪᠥᠬᠡ ᠮᠠᠺᠦᠴᠢ ᠳᠦ ᠲᠡᠷᠢᠭᠦᠯᠡᠵᠦ ᠪᠠᠶᠢᠨ᠎ᠠ

ᠶᠠᠫᠣᠨ ᠤ ᠮᠡᠷᠭᠡᠵᠢᠯ ᠦᠨ ᠰᠦᠮᠤᠤ ᠶᠢᠨ ᠬᠠᠴᠦ  ᠪᠠᠱᠶᠤ᠋ ᠶᠢᠨ ᠳᠦᠷᠪᠡᠳᠡᠬᠢ ᠡᠳᠦᠷ ᠦᠨ ᠪᠠᠷᠢᠯᠳᠤᠭᠠᠨ ᠥᠴᠥᠭᠡᠳᠦᠷ ᠪᠣᠯᠤᠯ᠎ᠠ᠃ ᠡᠬᠢᠨ ᠦ ᠳᠥᠷᠪᠡᠨ ᠡᠳᠦᠷ ᠦᠨ ᠳᠠᠷᠠᠭᠠᠬᠢ ᠪᠠᠶᠢᠳᠠᠯ ᠢᠶᠠᠷ ᠮᠠᠺᠦᠴᠢ  ᠵᠢᠨᠳᠠᠭ᠎ᠠ ᠳᠤ ᠰ ∙ ᠪᠢᠮᠪᠠᠰᠦ᠋ᠷᠦᠩ ᠲᠡᠷᠢᠭᠦᠲᠡᠢ ᠲᠠᠪᠤᠨ ᠪᠥᠬᠡ ᠤᠨᠠᠯ ᠦᠭᠡᠢ ᠲᠡᠷᠢᠭᠦᠯᠡᠵᠦ ᠪᠠᠶᠢᠨ᠎ᠠ᠃
ᠡᠭᠦᠨ  ᠳᠤ᠄ ᠰ ∙ ᠲᠤᠳᠤᠪᠢᠯᠢᠭ᠌ ᠴᠢᠶᠤᠮᠠᠷᠤ ᠶᠢ ᠳᠠᠪᠠᠭᠰᠠᠨ ᠢᠶᠠᠷ ᠭᠤᠷᠪᠠᠨ ᠳᠠᠪᠠᠭ᠎ᠠ ᠨᠢᠭᠡ ᠤᠨᠤᠭ᠎ᠠ ᠲᠠᠢ ᠪᠣᠯᠪᠠ᠃ ᠪ∙ ᠲᠦᠷᠦᠪᠤᠯᠤᠳ ᠲᠠᠺᠠᠷᠠᠹᠦᠵᠢ ᠲᠡᠢ ᠤᠴᠠᠷᠠᠭ᠎ᠠ  ᠲᠠᠭᠠᠷᠠᠵᠤ ᠳᠠᠪᠠᠭᠰᠠᠨ ᠢᠶᠠᠷ ᠬᠣᠶᠠᠷ ᠳᠠᠪᠠᠭ᠎ᠠ ᠬᠣᠶᠠᠷ ᠤᠨᠤᠭ᠎ᠠ ᠲᠠᠢ ᠪᠣᠯᠤᠯ᠎ᠠ᠃ ᠮᠧᠭᠠᠰᠢᠷᠠ 11 ᠳᠡᠭᠡᠷ᠎ᠡ ᠡᠴᠡ ᠪᠠᠷᠢᠯᠳᠤᠵᠤ ᠪᠠᠶᠢᠭ᠎ᠠ ᠭ∙ᠮᠥᠩᠬᠡᠰᠠᠶᠢᠬᠠᠨ ᠾᠢᠷᠠᠳᠦ᠋ᠮᠢ ᠳᠤ ᠡᠪᠦᠳᠦᠭ ᠰᠢᠷᠣᠶᠢᠳᠠᠵᠤ ᠳᠥᠷᠪᠡᠨ ᠤᠨᠤᠭ᠎ᠠ ᠲᠠᠢ ᠪᠣᠯᠤᠯ᠎ᠠ᠃ ᠪ ∙ ᠯᠾᠬᠠᠪᠠᠰᠦ᠋ᠷᠤᠩ ᠺᠣᠮᠡᠰᠦᠪᠢ ᠺᠣᠲ᠋ᠣᠨᠣᠸᠠᠺᠠ ᠶᠢ ᠳᠠᠪᠠᠭᠰᠠᠨ ᠢᠶᠠᠷ ᠭᠤᠷᠪᠠᠨ ᠳᠠᠪᠠᠭ᠎ᠠ᠂ ᠨᠢᠭᠡ ᠤᠨᠤᠭ᠎ᠠ ᠲᠠᠢ ᠪᠣᠯᠤᠯ᠎ᠠ᠃ ᠰ ∙ ᠪᠢᠮᠪᠠᠰᠦ᠋ᠷᠦᠩ ᠲᠠᠮᠠᠸᠠᠰᠢ ᠪ ∙ ᠮᠥᠩᠬᠡ-ᠣᠷᠭᠢᠯ ᠨᠠᠷ  ᠤᠴᠠᠷᠠᠭ᠎ᠠ ᠲᠠᠭᠠᠷᠠᠵᠤ᠂ ᠰ ∙ ᠪᠢᠮᠪᠠᠰᠦ᠋ᠷᠦᠩ ᠦᠨ ᠢᠯᠠᠯᠲᠠ ᠪᠠᠷ ᠥᠨᠳᠥᠷᠯᠡᠵᠦ ᠲᠡᠷᠡᠪᠡᠷ ᠳᠥᠷᠪᠡᠨ ᠳᠠᠪᠠᠭ᠎ᠠ ᠲᠠᠢ  ᠪᠠᠱᠶᠤ᠋ ᠶᠢ ᠲᠡᠷᠢᠭᠦᠯᠡᠵᠦ ᠪᠠᠶᠢᠨ᠎ᠠ᠃ ᠬᠠᠷᠢᠨ ᠲᠡᠭᠦᠨ ᠳᠦ ᠡᠪᠦᠳᠦᠭ ᠰᠢᠷᠤᠶᠢᠳᠠᠭᠰᠠᠨ ᠪ ∙ ᠮᠥᠩᠬᠡ-ᠣᠷᠭᠢᠯ ᠭᠤᠷᠪᠠᠨ ᠳᠠᠪᠠᠭ᠎ᠠ ᠨᠢᠭᠡ ᠤᠨᠤᠭ᠎ᠠ ᠲᠠᠢ ᠪᠣᠯᠤᠯ᠎ᠠ᠃

ᠰᠡᠳᠬᠢᠭᠳᠡᠯ ᠦᠯᠡᠳᠡᠭᠡᠬᠦ