︽ᠬᠠᠭᠤᠴᠢᠨ ᠪᠠᠶᠢᠰᠢᠩ ᠤᠨ ᠴᠡᠩᠬᠡᠷ ᠨᠢᠳᠦᠨ》ᠨᠣᠮ ᠤᠨ ᠨᠡᠭᠡᠭᠡᠯᠲᠡ ᠪᠣᠯᠤᠯ᠎ᠠ | News.MN

︽ᠬᠠᠭᠤᠴᠢᠨ ᠪᠠᠶᠢᠰᠢᠩ ᠤᠨ ᠴᠡᠩᠬᠡᠷ ᠨᠢᠳᠦᠨ》ᠨᠣᠮ ᠤᠨ ᠨᠡᠭᠡᠭᠡᠯᠲᠡ ᠪᠣᠯᠤᠯ᠎ᠠ

ᠰᠡᠳᠬᠦᠯᠴᠢ᠂ ᠵᠣᠬᠢᠶᠠᠯᠴᠢ ᠷ ∙ ᠣᠶᠤᠨᠵᠢᠷᠭᠠᠯ ᠤᠨ 《ᠬᠠᠭᠤᠴᠢᠨ ᠪᠠᠶᠢᠰᠢᠩ ᠤᠨ ᠴᠡᠩᠬᠡᠷ ᠨᠢᠳᠦᠨ》 ᠨᠣᠮ ᠤᠨ ᠨᠡᠭᠡᠭᠡᠯᠲᠡ ᠥᠨᠥᠳᠥᠷ ᠢᠨᠲ᠋ᠧᠷ ᠨᠣᠮ ᠤᠨ ᠳᠡᠯᠭᠡᠭᠦᠷ ᠲᠦ ᠪᠣᠯᠤᠯ᠎ᠠ᠃ ᠤᠭ ᠨᠣᠮ ᠨᠢ 2018 ᠣᠨ ᠳᠤ ᠠᠩᠬ᠎ᠠ ᠬᠡᠪᠯᠡᠭᠳᠡᠵᠦ᠂  ᠬᠤᠶᠠᠳᠠᠬᠢ ᠬᠡᠪᠯᠡᠯᠲᠡ ᠪᠡᠷ ᠢᠶᠡᠨ ᠤᠩᠰᠢᠭᠴᠢᠳ ᠤᠨ ᠭᠠᠷ ᠲᠤ ᠳᠠᠬᠢᠨ ᠬᠦᠷᠴᠦ ᠪᠠᠶᠢᠨ᠎ᠠ᠃ ᠡᠨᠡ ᠤᠳᠠᠭ᠎ᠠ ᠳᠤ ᠲᠤᠰ ᠵᠣᠬᠢᠶᠠᠯ ᠮᠣᠩᠭᠣᠯ᠂ ᠠᠩᠭᠯᠢ ᠬᠣᠣᠰ ᠬᠡᠯᠡ ᠪᠡᠷ ᠬᠡᠪᠯᠡᠭᠳᠡᠵᠦ ᠪᠠᠶᠢᠭ᠎ᠠ ᠪᠠᠷ ᠢᠶᠠᠨ ᠣᠨᠴᠠᠯᠢᠭ ᠶᠤᠮ᠃ ᠠᠩᠭᠯᠢ  ᠬᠡᠯᠡᠨ᠎ᠡ ᠣᠷᠴᠢᠭᠤᠯᠤᠭᠴᠢ ᠼ ∙ ᠳᠦᠯᠭᠡᠨ ᠪᠠᠭᠤᠯᠭᠠᠵᠤ᠂ ᠳ᠋ᠠᠰᠲ᠋ᠢᠨ ᠷᠣᠤᠯᠢᠩᠰ ᠬᠢᠨᠠᠨ ᠲᠣᠬᠢᠶᠠᠯᠳᠤᠭᠤᠯᠵᠠᠢ᠃
ᠵᠣᠬᠢᠶᠠᠯᠴᠢ ᠬᠡᠦᠬᠡᠳ ᠨᠠᠰᠤᠨ ᠤ ᠳᠤᠷᠠᠰᠤᠮᠵᠢ ᠳᠤ ᠪᠠᠨ ᠲᠤᠯᠭᠠᠭᠤᠷᠢᠯᠠᠨ ᠪᠢᠴᠢᠭᠰᠡᠨ ᠪᠠᠷᠢᠮᠲᠠᠲᠤ ᠤᠷᠠᠨ ᠰᠠᠶᠢᠬᠠᠨ ᠤ ᠤᠭ ᠵᠣᠬᠢᠶᠠᠯ ᠢᠶᠠᠷ ᠢᠶᠠᠨ ᠳᠠᠮᠵᠢᠭᠤᠯᠵᠤ᠂ ᠮᠣᠩᠭᠣᠯ ᠤᠨ ᠠᠬᠤᠢ ᠰᠤᠶᠤᠯ ᠤᠨ ᠣᠨᠴᠠᠯᠢᠭ᠂ ᠮᠥᠨ ᠴᠢᠨᠠᠷ ᠢ ᠥᠨᠥ ᠶᠢᠨ ᠬᠡᠦᠬᠡᠳ᠂ ᠵᠠᠯᠠᠭᠤᠰ ᠲᠤ ᠲᠠᠨᠢᠭᠤᠯᠬᠤ ᠶᠢ ᠵᠣᠷᠢᠭᠰᠠᠨ ᠠᠵᠠᠢ᠃ ᠷ ∙ ᠣᠶᠤᠨᠵᠢᠷᠭᠠᠯ《ᠬᠠᠭᠤᠴᠢᠨ ᠪᠠᠶᠢᠰᠢᠩ ᠤᠨ ᠴᠡᠩᠬᠡᠷ ᠨᠢᠳᠦᠨ》ᠪᠠᠷᠢᠮᠲᠠᠲᠤ ᠤᠷᠠᠨ ᠰᠠᠶᠢᠬᠠᠨ ᠤ ᠵᠣᠬᠢᠶᠠᠯ ᠠᠴᠠ ᠭᠠᠳᠠᠨ᠎ᠠ ᠬᠥᠭᠵᠢᠮ ᠦᠨ ᠪᠣᠯᠪᠠᠰᠤᠷᠠᠯ ᠣᠯᠭᠣᠬᠤ ᠴᠢᠭᠯᠡᠯ ᠢᠶᠡᠷ 8 ᠨᠣᠮ ᠬᠡᠪᠯᠡᠭᠦᠯᠦᠭᠰᠡᠨ ᠪᠢᠯᠡ᠃

ᠰᠡᠳᠬᠢᠭᠳᠡᠯ ᠦᠯᠡᠳᠡᠭᠡᠬᠦ