︽ᠪ ∙ ᠭᠠᠩᠭᠠᠮ᠎ᠠ︾ᠳᠤᠷᠠᠰᠬᠠᠯ ᠤᠨ ᠵᠣᠭᠣᠰ ᠰᠢᠨ᠎ᠡ ᠪᠡᠷ ᠭᠠᠷᠤᠯ᠎ᠠ | News.MN

︽ᠪ ∙ ᠭᠠᠩᠭᠠᠮ᠎ᠠ︾ᠳᠤᠷᠠᠰᠬᠠᠯ ᠤᠨ ᠵᠣᠭᠣᠰ ᠰᠢᠨ᠎ᠡ ᠪᠡᠷ ᠭᠠᠷᠤᠯ᠎ᠠ

ᠮᠣᠩᠭᠣᠯ ᠪᠠᠩᠭᠢᠨ ᠤ ᠡᠷᠳᠡᠨᠢᠰ ᠦᠨ ᠰᠠᠩ ᠨᠢ ᠬᠠᠤᠯᠢ ᠪᠠᠷ ᠬᠦᠯᠢᠶᠡᠭᠰᠡᠨ ᠡᠷᠬᠡ ᠡᠭᠦᠷᠭᠡ ᠶᠢᠨ ᠢᠶᠡᠨ ᠬᠦᠷᠢᠶᠡᠨ ᠳᠦ ᠠᠴᠢ ᠬᠣᠯᠪᠣᠭᠳᠠᠯ ᠪᠦᠬᠦᠢ ᠲᠣᠮᠣᠬᠠᠨ ᠲᠡᠮᠳᠡᠭᠯᠡᠯᠲᠦ ᠣᠢ᠂ ᠣᠨᠴᠠᠭᠠᠢ ᠴᠢᠬᠤᠯᠠ ᠲᠡᠦᠬᠡᠨ ᠦᠢᠯᠡ ᠶᠠᠪᠤᠳᠠᠯ ᠢ ᠲᠣᠬᠢᠶᠠᠯᠳᠤᠭᠤᠯᠤᠨ ᠠᠯᠲᠠ᠂ ᠮᠥᠩᠭᠥ᠂ ᠵᠡᠰ ᠳᠤᠷᠠᠰᠬᠠᠯ ᠤᠨ ᠵᠣᠭᠣᠰ ᠭᠠᠷᠭᠠᠵᠤ ᠪᠤᠢ᠃  ᠢᠩᠭᠢᠭᠡᠳ ᠤᠷᠠᠯᠢᠭ᠂ ᠰᠫᠣᠷᠲ ᠤᠨ ᠠᠯᠳᠠᠷᠲᠠᠳ ᠴᠤᠪᠤᠷᠠᠯ  ᠢᠶᠡᠷ《ᠪ ∙ ᠭᠠᠩᠭᠠᠮ᠎ᠠ》 ᠳᠤᠷᠠᠰᠬᠠᠯ ᠤᠨ ᠮᠥᠩᠭᠥᠨ ᠵᠣᠭᠣᠰ ᠢ ᠡᠷᠬᠢᠯᠡᠨ ᠭᠠᠷᠭᠠᠯ᠎ᠠ᠃

ᠲᠤᠰ ᠳᠤᠷᠠᠰᠬᠠᠯ ᠤᠨ ᠵᠣᠭᠣᠰ ᠢ ᠰᠡᠭᠦᠯ ᠦᠨ ᠦᠶ᠎ᠡ ᠶᠢᠨ smartminting ᠲᠧᠭᠨᠣᠯᠣᠭᠢ ᠪᠠᠷ ᠤᠷᠠᠯᠠᠭᠰᠠᠨ ᠪᠥᠭᠡᠳ ᠨᠢᠭᠡ ᠤᠨᠼ ᠤᠨ ᠵᠢᠩ ᠲᠡᠢ᠂ 38.61 ᠮᠢᠯᠢᠮᠧᠲ᠋ᠷ ᠳ᠋ᠢᠶᠠᠮᠧᠲ᠋ᠷ ᠤᠨ ᠬᠢᠴᠡ ᠲᠡᠢ ᠶᠤᠮ᠃ ᠪᠠᠳᠮᠠᠭᠠᠷᠪᠣ ᠶᠢᠨ ᠭᠠᠩᠭᠠᠮ᠎ᠠ ᠨᠢ ᠳᠡᠯᠡᠬᠡᠢ ᠶᠢᠨ ᠳᠣᠯᠣᠭᠠᠨ ᠨᠣᠶᠠᠨ ᠣᠷᠭᠢᠯ ᠳᠤ ᠭᠠᠷᠤᠭᠰᠠᠨ ᠠᠩᠬᠠᠨ ᠤ ᠮᠣᠩᠭᠣᠯ ᠬᠦᠮᠦᠨ︵Seven summiteer︶᠂ ᠡᠸᠧᠷᠧᠰᠲ︵ ᠵᠦᠮᠦᠯᠠᠩᠮᠠ︶ ᠪᠣᠯᠤᠨ K 2 ᠣᠷᠭᠢᠯ ᠳᠤ ᠭᠠᠷᠤᠭᠰᠠᠨ ᠠᠩᠬᠠᠨ ᠤ ᠮᠣᠩᠭᠣᠯ ᠡᠮᠡᠭᠲᠡᠢ ᠶᠤᠮ᠃

ᠰᠡᠳᠬᠢᠭᠳᠡᠯ ᠦᠯᠡᠳᠡᠭᠡᠬᠦ