ᠳᠤᠭᠤᠢ ᠶᠢᠨ ᠰᠫᠣᠷᠲ  ᠢ ᠠᠩᠬ᠎ᠠ ᠤᠳᠠᠭ᠎ᠠ ᠸᠢᠷᠲ᠋ᠦᠸᠠᠯ ᠢᠶᠠᠷ ᠵᠣᠬᠢᠶᠠᠨ ᠪᠠᠶᠢᠭᠤᠯᠤᠨ᠎ᠠ | News.MN

 ᠳᠤᠭᠤᠢ ᠶᠢᠨ ᠰᠫᠣᠷᠲ  ᠢ ᠠᠩᠬ᠎ᠠ ᠤᠳᠠᠭ᠎ᠠ ᠸᠢᠷᠲ᠋ᠦᠸᠠᠯ ᠢᠶᠠᠷ ᠵᠣᠬᠢᠶᠠᠨ ᠪᠠᠶᠢᠭᠤᠯᠤᠨ᠎ᠠ

ᠰᠫᠣᠷᠲ ᠤᠨ 15 ᠬᠤᠯᠪᠤᠭᠠᠨ ᠤ ᠨᠢᠭᠡᠳᠦᠭᠰᠡᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 13-22 ᠳᠤ︽ᠮᠥᠰᠦᠨ ᠥᠷᠭᠦᠭᠡ︾ᠴᠣᠭᠴᠠᠯᠠᠪᠤᠷᠢ  ᠳᠤ ᠪᠣᠯᠤᠨ᠎ᠠ᠃   ᠡᠭᠦᠨ ᠳᠦ ᠤᠳᠠᠭ᠎ᠠ ᠠᠩᠬ᠎ᠠ ᠣᠷᠣᠯᠴᠠᠵᠤ ᠪᠤᠶ ᠳᠤᠭᠤᠢ ᠶᠢᠨ ᠰᠫᠣᠷᠲ ᠤᠨ ᠬᠤᠯᠪᠣᠭ᠎ᠠ ᠵᠣᠬᠢᠶᠠᠨ ᠪᠠᠶᠢᠭᠤᠯᠤᠯᠲᠠ ᠶᠢᠨ ᠢᠶᠠᠨ ᠲᠠᠯ᠎ᠠ ᠪᠠᠷ ᠥᠨᠥᠳᠥᠷ ᠮᠡᠳᠡᠭᠡᠯᠡᠯ᠎ᠡ᠃
ᠮᠣᠩᠭᠣᠯ ᠤᠨ ᠳᠤᠭᠤᠢ ᠶᠢᠨ ᠬᠤᠯᠪᠤᠭᠠᠨ ᠤ ᠰᠢᠭᠦᠭᠴᠢ ᠴ᠊ · ᠪᠠᠶᠠᠷᠬᠦᠦ᠄  ᠲᠠ ᠪᠦᠬᠦᠨ ᠳᠤᠭᠤᠢ ᠶᠢᠨ ᠰᠫᠣᠷᠲ ᠭᠠᠳᠠᠭ᠎ᠠ ᠤᠷᠤᠯᠳᠤᠳᠠᠭ᠂ ᠶᠠᠭᠠᠬᠢᠵᠤ ᠲᠠᠩᠬᠢᠮ ᠳᠤ ᠵᠣᠬᠢᠶᠠᠭᠳᠠᠬᠤ ᠪᠣᠯ ᠬᠡᠮᠡᠨ ᠭᠠᠶᠢᠬᠠᠵᠤ ᠮᠠᠭᠠᠳ ᠦᠭᠡᠶ᠃  ᠴᠠᠷ ᠲᠠᠬᠤᠯ ᠲᠠᠢ ᠬᠤᠯᠪᠣᠭ᠎ᠠ ᠲᠠᠢ ᠳᠤᠭᠤᠢ ᠶᠢᠨ ᠰᠫᠣᠷᠲ ᠤᠨ ᠲᠧᠭᠨᠣᠯᠣᠭᠢ ᠰᠠᠶᠢᠨ ᠬᠥᠭᠵᠢᠭᠰᠡᠨ᠃  ᠪᠦᠭᠦᠳᠡ ᠪᠠᠷ ᠢᠶᠠᠨ ᠲᠠᠩᠬᠢᠮ ᠳᠤ ᠴᠤᠭᠯᠠᠵᠤ᠂ ᠥᠪᠡᠷᠰᠡᠳ ᠤᠨ ᠢᠶᠠᠨ ᠳᠤᠭᠤᠢ ᠶᠢᠨ ᠳᠡᠭᠡᠷ᠎ᠡ ᠰᠠᠭᠤᠭᠠᠳ ᠭᠠᠷ ᠤᠲᠠᠰᠤᠨ ᠤ APP   ᠳᠦ ᠬᠤᠪᠢ ᠶᠢᠨ ᠦᠵᠡᠭᠦᠯᠦᠯᠲᠡ ᠨᠤᠭᠦᠳ ᠢᠶᠠᠨ ᠣᠷᠣᠭᠤᠯᠤᠨ᠎ᠠ᠃ ᠤᠬᠠᠭᠠᠯᠢᠭ ᠰᠢᠰᠲ᠋ᠧᠮ ᠮᠠᠨᠢ ᠲᠠᠨ ᠤ ᠭᠠᠷᠭᠠᠵᠤ ᠪᠤᠶ ᠡᠨᠧᠷᠭᠢ ᠶᠢ ᠲᠣᠭᠠᠴᠠᠭᠠᠯᠠᠨ᠂ ᠸᠢᠷᠲ᠋ᠦᠸᠠᠯ ᠳᠤᠭᠤᠢ ᠶᠢᠨ ᠵᠡᠮ ᠳᠡᠭᠡᠷ᠎ᠡ ᠤᠷᠤᠯᠳᠤᠭᠤᠯᠬᠤ ᠪᠣᠯᠣᠮᠵᠢ ᠲᠠᠢ ᠪᠣᠯᠣᠭᠰᠠᠨ᠃ ᠲᠡᠶᠢᠮᠦ ᠠᠴᠠ ᠮᠠᠨ ᠤ ᠬᠤᠯᠪᠣᠭ᠎ᠠ ᠳᠤᠭᠤᠢ ᠶᠢᠨ ᠰᠫᠣᠷᠲ ᠤᠨ ᠠᠩᠬᠠᠨ ᠤ ᠸᠢᠷᠲ᠋ᠦᠸᠠᠯ  ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠵᠣᠬᠢᠶᠠᠨ ᠪᠠᠶᠢᠭᠤᠯᠤᠨ᠎ᠠ᠃ ᠳᠤᠭᠤᠶᠢᠴᠢᠳ ᠮᠠᠨᠢ ᠠᠩᠬ᠎ᠠ ᠤᠳᠠᠭ᠎ᠠ ᠮᠧᠲ᠋ᠠ ᠶᠢᠷᠲᠢᠨᠴᠦ ᠳᠤ ᠣᠨᠤᠭᠠᠭᠰᠠᠨ ᠬᠤᠭᠤᠴᠠᠭᠠᠨ ᠳᠤ ᠢᠨᠲ᠋ᠧᠷᠨᠧᠲ ᠲᠤ ᠬᠤᠯᠪᠣᠭᠳᠠᠵᠤ᠂ ᠨᠢᠭᠡ ᠵᠡᠮ ᠳᠡᠭᠡᠷ᠎ᠡ ᠤᠷᠤᠯᠳᠤᠨ᠎ᠠ ᠭᠡᠰᠡᠨ ᠦᠭᠡ ᠶᠤᠮ ᠭᠡᠪᠡ᠃

ᠰᠡᠳᠬᠢᠭᠳᠡᠯ ᠦᠯᠡᠳᠡᠭᠡᠬᠦ