︽ᠦᠨᠳᠦᠰᠦᠨ ᠬᠠᠤᠯᠢ ᠶᠢᠨ ᠪᠣᠯᠪᠠᠰᠤᠷᠠᠯ︾ᠰᠡᠳᠦᠪᠲᠤ ᠦᠵᠡᠰᠬᠦᠯᠡᠩ ᠢ ᠳᠡᠯᠭᠡᠪᠡ | News.MN

︽ᠦᠨᠳᠦᠰᠦᠨ ᠬᠠᠤᠯᠢ ᠶᠢᠨ ᠪᠣᠯᠪᠠᠰᠤᠷᠠᠯ︾ᠰᠡᠳᠦᠪᠲᠤ ᠦᠵᠡᠰᠬᠦᠯᠡᠩ ᠢ ᠳᠡᠯᠭᠡᠪᠡ

ᠤᠯᠤᠰ ᠤᠨ ᠶᠡᠭᠡ ᠬᠤᠷᠠᠯ  ᠤᠨ ᠠᠷᠬᠢᠸ᠋᠂ ᠨᠣᠮ ᠤᠨ ᠰᠠᠩ ᠬᠠᠮᠲᠤᠷᠠᠨ︽ᠦᠨᠳᠦᠰᠦᠨ ᠬᠠᠤᠯᠢ ᠶᠢᠨ ᠪᠣᠯᠪᠠᠰᠤᠷᠠᠯ︾ᠰᠡᠳᠦᠪᠲᠤ ᠦᠵᠡᠰᠬᠦᠯᠡᠩ ᠢ ᠨᠡᠭᠡᠭᠡᠪᠡ᠃
ᠡᠨᠡ ᠬᠦ ᠦᠵᠡᠰᠬᠦᠯᠡᠩ ᠳᠤ 1911 ᠣᠨ ᠳᠤ ᠪᠤᠬᠳᠠ ᠬᠠᠭᠠᠨᠲᠤ ᠮᠣᠩᠭᠤᠯ ᠤᠯᠤᠰ ᠤᠨ ᠵᠠᠰᠠᠭ ᠤᠨ ᠭᠠᠵᠠᠷ ᠠᠴᠠ ᠮᠣᠩᠭᠤᠯ   ᠤᠯᠤᠰ ᠦᠨᠳᠦᠰᠦᠨ ᠬᠠᠤᠯᠢ ᠲᠠᠢ ᠪᠣᠯᠬᠤ ᠶᠣᠰᠤᠲᠠᠶ ᠭᠡᠵᠦ ᠦᠵᠡᠭᠡᠳ᠂ ᠲᠤᠬᠠᠢ ᠶᠢᠨ ᠦᠶ᠎ᠡ ᠶᠢᠨ ᠰᠡᠬᠡᠭᠡᠲᠡᠨ᠂ ᠡᠷᠳᠡᠮᠲᠡᠨ ᠮᠡᠷᠭᠡᠳ ᠳᠡᠯᠡᠬᠡᠢ ᠶᠢᠨ ᠣᠯᠠᠨ ᠣᠷᠣᠨ ᠤ ᠦᠨᠳᠦᠰᠦᠨ ᠬᠠᠤᠯᠢ ᠶᠢ ᠰᠤᠳᠤᠯᠵᠤ᠂ ᠠᠩᠬᠠᠨ ᠤ ᠦᠨᠳᠦᠰᠦᠨ ᠬᠠᠤᠯᠢ ᠶᠢᠨ ᠲᠥᠰᠥᠯ ᠢ ᠪᠣᠯᠪᠠᠰᠤᠷᠠᠭᠤᠯᠵᠤ ᠪᠠᠶᠢᠭᠰᠠᠨ ᠠᠷᠬᠢᠸ᠋ ᠤᠨ ᠪᠠᠷᠢᠮᠲᠠ᠂ 1992 ᠣᠨ ᠤ ᠠᠷᠠᠳᠴᠢᠯᠠᠭᠰᠠᠨ ᠦᠨᠳᠦᠰᠦᠨ ᠬᠠᠤᠯᠢ ᠶᠢ ᠬᠡᠯᠡᠯᠴᠡᠭᠰᠡᠨ ᠠᠷᠠᠳ ᠤᠨ ᠶᠡᠭᠡ ᠬᠤᠷᠠᠯ ᠤᠨ ᠫᠷᠣᠲ᠋ᠣᠻᠣᠯ᠂ 1924᠂1940᠂ 1960,1992 ᠦᠨᠳᠦᠰᠦᠨ ᠬᠠᠤᠯᠢ ᠶᠢᠨ ᠬᠤᠯᠪᠣᠭᠳᠠᠯ ᠲᠠᠢ ᠣᠨᠤᠯ ᠤᠨ ᠨᠣᠮ᠂ ᠲᠤᠭᠳᠠᠮᠠᠯ ᠬᠡᠪᠯᠡᠯ ᠤᠨ ᠲᠡᠭᠦᠪᠦᠷᠢ᠂ ᠭᠠᠳᠠᠭᠠᠳᠤ  ᠤᠯᠤᠰ ᠣᠷᠣᠨ ᠨᠤᠭᠤᠳ ᠤᠨ ᠦᠨᠳᠦᠰᠦᠨ ᠬᠠᠤᠯᠢ᠂ ᠤᠯᠤᠰ ᠤᠨ ᠶᠡᠭᠡ ᠬᠤᠷᠠᠯ ᠤᠨ ᠫᠠᠷᠯᠠᠮᠧᠨ᠋ᠲ ᠤᠨ ᠰᠤᠳᠤᠯᠭ᠎ᠠ᠂ ᠰᠤᠷᠭᠠᠯᠲᠠ ᠶᠢᠨ ᠬᠦᠷᠢᠶᠡᠯᠡᠩ ᠠᠴᠠ ᠡᠷᠬᠢᠯᠡᠨ ᠭᠠᠷᠭᠠᠭᠰᠠᠨ ᠰᠤᠳᠤᠯᠭ᠎ᠠ ᠨᠤᠭᠤᠳ ᠵᠡᠷᠭᠡ 300 ᠭᠠᠷᠦᠢ ᠨᠣᠮ᠂ ᠲᠣᠪᠬᠢᠮᠠᠯ᠂ ᠠᠷᠬᠢᠸ᠋ ᠤᠨ ᠪᠠᠷᠢᠮᠲᠠ᠂ ᠮᠠᠲ᠋ᠧᠷᠢᠶᠠᠯ ᠢ ᠳᠡᠯᠭᠡᠵᠡᠢ᠃

ᠰᠡᠳᠬᠢᠭᠳᠡᠯ ᠦᠯᠡᠳᠡᠭᠡᠬᠦ