19 ᠲᠥᠷᠥᠯ ᠤᠨ ᠡᠮ ᠢ 100 ᠬᠤᠪᠢ ᠬᠦᠩᠭᠡᠯᠡᠨ ᠣᠯᠭᠤᠵᠤ ᠡᠬᠢᠯᠡᠯ᠎ᠡ | News.MN

19 ᠲᠥᠷᠥᠯ ᠤᠨ ᠡᠮ ᠢ 100 ᠬᠤᠪᠢ ᠬᠦᠩᠭᠡᠯᠡᠨ ᠣᠯᠭᠤᠵᠤ ᠡᠬᠢᠯᠡᠯ᠎ᠡ

ᠡᠷᠡᠭᠦᠯ ᠮᠡᠨᠳᠦ ᠶᠢᠨ ᠶᠠᠮᠤᠨ  ᠦ 2022 ᠣᠨ ᠳᠤ ᠡᠬᠢᠯᠡᠭᠦᠯᠦᠭᠰᠡᠨ ᠨᠢᠭᠡ ᠴᠢᠬᠤᠯᠠ ᠠᠵᠢᠯ ᠪᠣᠯ ᠨᠡᠩ ᠱᠠᠭᠠᠷᠳᠠᠯᠭ᠎ᠠ ᠲᠠᠢ ᠪᠠᠶᠢᠭ᠎ᠠ ᠡᠮ ᠤᠨ ᠵᠢᠭᠰᠠᠭᠠᠯᠲᠠ ᠳᠤ ᠣᠷᠣᠭᠰᠠᠨ ᠵᠢᠷᠦᠬᠡ ᠰᠤᠳᠠᠰᠤ᠂ ᠰᠢᠬᠢᠷ ᠤᠨ ᠰᠢᠵᠢᠩ᠂ ᠠᠭᠤᠰᠬᠢᠨ ᠤ ᠡᠮᠭᠡᠭ ᠪᠤᠯᠦᠠ ᠬᠠᠪᠤᠳᠠᠷ ᠤᠨ ᠦᠶ᠎ᠡ ᠳᠤ ᠬᠡᠷᠡᠭᠯᠡᠬᠦ 19 ᠲᠥᠷᠥᠯ ᠤᠨ ᠡᠮ ᠢ ᠡᠷᠡᠭᠦᠯ ᠮᠡᠨᠳᠦ ᠶᠢᠨ ᠳᠠᠭᠠᠳᠬᠠᠯ  ᠤᠨ ᠰᠠᠩ ᠠᠴᠠ 100 ᠬᠤᠪᠢ ᠬᠥᠩᠭᠡᠯᠡᠵᠦ ᠣᠯᠭᠤᠵᠤ ᠡᠬᠢᠯᠡᠭᠰᠡᠨ ᠶᠤᠮ᠃
ᠮᠣᠩᠭᠤᠯ ᠤᠯᠤᠰ ᠤᠨ ᠵᠠᠰᠠᠭ ᠤᠨ ᠭᠠᠵᠠᠷ᠂ ᠰᠸᠢᠰ ᠦᠨ ᠵᠠᠰᠠᠭ ᠤᠨ ᠭᠠᠵᠠᠷ ᠤᠨ ᠬᠤᠭᠤᠷᠤᠨᠳᠤ ᠶᠢᠨ ᠬᠠᠮᠲᠤ ᠶᠢᠨ ᠠᠵᠢᠯᠯᠠᠭᠠᠨ ᠤ︽ ᠨᠤᠸᠠᠷᠲ᠋ᠢᠰ ᠠᠺᠰᠧᠰᠰ︾ᠬᠥᠲᠥᠯᠪᠦᠷᠢ ᠶᠢ ᠬᠡᠷᠡᠭᠵᠢᠭᠦᠯᠵᠦ᠂ 24 ᠨᠡᠷ᠎ᠡ ᠶᠢᠨ  ᠡᠮ ᠤᠨ ᠢᠮᠫᠣᠷᠲ ᠤᠨ ᠵᠦᠪᠰᠢᠶᠡᠷᠡᠯ ᠢ ᠮᠣᠩᠭᠤᠯ ᠤᠯᠤᠰ ᠤᠨ ᠬᠥᠮᠥᠨ ᠤ ᠡᠮ ᠤᠨ ᠵᠥᠪᠯᠡᠯ ᠬᠤᠷᠠᠯᠳᠤᠵᠤ᠂ ᠤᠯᠭᠤᠭᠰᠠᠨ᠃
ᠰᠸᠢᠰ ᠦᠨ ᠨᠤᠸᠠᠷᠲ᠋ᠢᠰ ᠺᠣᠮᠫᠠᠨᠢ ᠠᠴᠠ ᠬᠥᠭᠵᠢᠵᠦ ᠪᠠᠶᠢᠭ᠎ᠠ ᠤᠯᠤᠰ ᠣᠷᠣᠨ ᠨᠤᠭᠤᠳ ᠲᠤ ᠬᠡᠷᠡᠭᠵᠢᠭᠦᠯᠵᠦ ᠪᠠᠢᠭ᠎ᠠ ᠡᠨᠡ ᠬᠥᠲᠥᠯᠪᠦᠷᠢ ᠨᠢ ᠨᠡᠶᠢᠭᠡᠮ ᠤᠨ ᠡᠷᠡᠭᠦᠯ ᠮᠡᠨᠳᠦ ᠶᠢ ᠳᠡᠮᠵᠢᠬᠦ᠂ ᠬᠠᠯᠳᠠᠪᠤᠷᠢᠲᠤ ᠪᠤᠯᠦᠠ ᠬᠠᠯᠳᠠᠪᠤᠷᠢᠲᠤ ᠪᠤᠰᠤ ᠡᠪᠡᠳᠴᠢᠨ ᠢ ᠪᠠᠭᠤᠷᠠᠭᠤᠯᠬᠤ ᠳᠤ ᠳᠡᠮᠵᠢᠯᠭᠡ ᠦᠵᠡᠭᠦᠯᠬᠦ᠂ ᠪᠠᠭ᠎ᠠ ᠪᠤᠯᠦᠠ ᠳᠤᠮᠳᠠ ᠣᠷᠣᠯᠭ᠎ᠠ ᠲᠠᠢ ᠤᠯᠤᠰ ᠤᠳ ᠲᠤ ᠡᠷᠡᠭᠦᠯ ᠮᠡᠨᠳᠦ ᠶᠢᠨ ᠲᠤᠰᠠᠯᠠᠮᠵᠢ ᠦᠢᠯᠡᠴᠢᠯᠡᠭᠡ ᠶᠢ ᠰᠠᠶᠢᠵᠢᠷᠠᠭᠤᠯᠬᠤ ᠲᠡᠯ᠎ᠠ ᠳᠡᠭᠡᠷ᠎ᠡ ᠲᠣᠳᠤᠷᠬᠠᠶ ᠪᠠᠶᠢᠷᠢ ᠰᠠᠭᠤᠷᠢ ᠲᠠᠢ ᠬᠠᠮᠲᠤᠷᠠᠨ ᠠᠵᠢᠯᠯᠠᠬᠤ ᠵᠣᠷᠢᠯᠭ᠎ᠠ ᠲᠠᠢ ᠪᠥᠭᠡᠳ ᠡᠨᠡ ᠬᠦᠲᠦᠯᠪᠦᠷᠢ ᠳᠦ ᠬᠠᠮᠤᠷᠤᠭᠳᠠᠭᠰᠠᠨ ᠢᠶᠠᠷ ᠮᠣᠩᠭᠤᠯ  ᠤᠯᠤᠰ ᠵᠢᠯ ᠳᠤ ᠳᠤᠮᠳᠠᠴᠢ ᠪᠠᠷ ᠡᠷᠡᠭᠦᠯ ᠮᠡᠨᠳᠦ ᠶᠢᠨ ᠳᠠᠭᠠᠳᠬᠠᠯ ᠤᠨ ᠰᠠᠩ  ᠤᠨ ᠶᠢᠰᠦᠨ ᠲᠡᠷᠪᠤᠮ ᠭᠠᠷᠦᠢ ᠲᠥᠭᠦᠷᠢᠭ ᠢ ᠬᠡᠮᠨᠡᠬᠦ ᠪᠣᠯᠣᠮᠵᠢ ᠭᠠᠷᠴᠤ ᠪᠠᠶᠢᠨ᠎ᠡ᠃

ᠰᠡᠳᠬᠢᠭᠳᠡᠯ ᠦᠯᠡᠳᠡᠭᠡᠬᠦ