ᠬᠡᠦᠬᠡᠳ ᠤᠨ ᠰᠠᠩ ᠤᠨ ᠬᠥᠲᠥᠯᠪᠦᠷᠢ ᠬᠡᠨᠲᠡᠢ ᠳᠤ ᠬᠡᠷᠡᠭᠵᠢᠨ᠎ᠡ | News.MN

ᠬᠡᠦᠬᠡᠳ ᠤᠨ ᠰᠠᠩ ᠤᠨ ᠬᠥᠲᠥᠯᠪᠦᠷᠢ ᠬᠡᠨᠲᠡᠢ ᠳᠤ ᠬᠡᠷᠡᠭᠵᠢᠨ᠎ᠡ

ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠡᠦᠬᠡᠳ ᠤᠨ ᠰᠠᠩ ᠤᠨ ᠰᠠᠭᠤᠷᠢᠨ ᠲᠥᠯᠦᠭᠡᠯᠡᠭᠴᠢ ᠡᠸᠠᠷᠢᠰᠲ ᠺᠤᠸᠠᠰᠰᠢ ᠺᠤᠮᠯᠠᠨ᠂  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠡᠦᠬᠡᠳ ᠤᠨ ᠰᠠᠩ ᠤᠨ ᠪᠠᠭ᠎ᠠ ᠨᠠᠰᠤᠨ ᠤ ᠬᠡᠦᠬᠡᠳ ᠤᠨ ᠬᠥᠭᠵᠢᠯ ᠤᠨ ᠵᠥᠪᠯᠡᠬᠦ ᠯ᠊ · ᠴᠡᠨᠳᠡᠰᠦ᠋ᠷᠤᠩ ᠲᠡᠷᠢᠭᠦᠲᠡᠢ ᠵᠣᠴᠢᠳ ᠲᠥᠯᠦᠭᠡᠯᠡᠭᠴᠢᠳ ᠬᠡᠨᠲᠡᠢ ᠠᠶᠢᠮᠠᠭ ᠲᠤ ᠠᠵᠢᠯᠯᠠᠪᠠ᠃
ᠲᠡᠳᠡᠨ ᠢ ᠠᠶᠢᠮᠠᠭ ᠤᠨ ᠣᠷᠤᠯᠠᠭᠴᠢ ᠳᠠᠷᠤᠭ᠎ᠠ ᠯ᠊ · ᠪᠠᠲᠤᠰᠠᠶᠢᠬᠠᠨ ᠬᠦᠯᠢᠶᠡᠨ ᠠᠪᠴᠤ ᠠᠭᠤᠯᠵᠠᠭᠠᠳ᠂ ᠠᠶᠢᠮᠠᠭ ᠤᠨ ᠥᠰᠪᠦᠷᠢ ᠨᠠᠰᠤᠨ ᠤ ᠬᠡᠦᠬᠡᠳ᠂ ᠰᠤᠷᠤᠭᠴᠢᠳ ᠰᠡᠦᠡᠬᠢᠯ ᠵᠦᠢᠴᠢ ᠶᠢᠨ ᠵᠥᠪᠯᠡᠯᠭᠡ ᠱᠠᠭᠠᠷᠳᠠᠯᠭ᠎ᠠ ᠲᠠᠢ ᠪᠠᠶᠢᠭ᠎ᠠ ᠶᠢ ᠳᠤᠷᠠᠳᠬᠤ ᠶᠢᠨ ᠵᠡᠷᠭᠡᠴᠡᠭᠡ ᠬᠡᠦᠬᠡᠳ ᠤᠨ ᠡᠷᠡᠭᠦᠯ ᠮᠡᠨᠳᠦ ᠶᠢᠨ ᠠᠰᠠᠭᠤᠳᠠᠯ ᠲᠡᠷᠡ ᠳᠤᠮᠳᠠ ᠪᠠᠨ ᠰᠢᠳᠦ᠂ ᠬᠤᠳᠤᠭᠤᠳᠤᠨ ᠤ ᠡᠪᠡᠳᠴᠢᠯᠡᠯ ᠳᠤ ᠠᠩᠬᠠᠷᠬᠤ ᠱᠠᠭᠠᠷᠳᠠᠯᠭ᠎ᠠ ᠲᠠᠢ ᠪᠠᠶᠢᠭ᠎ᠠ ᠶᠢ ᠬᠡᠯᠡᠪᠡ᠃
ᠡᠸᠠᠷᠢᠰᠲ ᠺᠤᠸᠠᠰᠰᠢ ᠺᠤᠮᠯᠠᠨ᠄ ᠪᠣᠯᠪᠠᠰᠤᠷᠠᠯ ᠤᠨ ᠰᠡᠦᠡᠬᠢᠯ ᠵᠦᠢᠴᠢ ᠪᠡᠯᠡᠳᠬᠡᠬᠦ ᠬᠥᠲᠥᠯᠪᠦᠷᠢ ᠬᠡᠳᠦ᠋ᠢᠨ ᠬᠡᠷᠡᠭᠵᠢᠭᠦᠯᠵᠦ ᠡᠬᠢᠯᠡᠭᠰᠡᠨ᠃ ᠬᠡᠷᠪᠡ  ᠲᠠᠨ ᠤ ᠠᠶᠢᠮᠠᠭ ᠠᠴᠠ ᠬᠠᠮᠲᠤᠷᠠᠵᠤ ᠠᠵᠢᠯᠯᠠᠬᠤ ᠪᠣᠯᠣᠮᠵᠢ ᠲᠠᠢ ᠭᠡᠪᠡᠯ ᠰᠡᠦᠡᠬᠢᠯ ᠵᠦᠢᠴᠢ ᠪᠡᠯᠡᠳᠬᠡᠬᠦ ᠪᠤᠯᠦᠠ ᠬᠡᠦᠬᠡᠳ ᠤᠨ ᠠᠮᠠᠨ ᠤ ᠬᠥᠨᠳᠡᠢ ᠶᠢᠨ ᠡᠷᠡᠭᠦᠯ ᠮᠡᠨᠳᠦ ᠶᠢ ᠬᠠᠮᠠᠭᠠᠯᠠᠬᠤ᠂ ᠤᠷᠢᠳᠴᠢᠯᠠᠨ ᠰᠡᠷᠭᠡᠶᠢᠯᠡᠬᠦ ᠴᠢᠭᠯᠡᠯ ᠢᠶᠠᠷ ᠺᠠᠮᠫᠠᠨᠢᠲᠤ ᠠᠵᠢᠯ ᠥᠷᠨᠢᠭᠦᠯᠵᠦ ᠪᠣᠯᠤᠨ᠎ᠠ ᠭᠡᠪᠡ᠃

ᠰᠡᠳᠬᠢᠭᠳᠡᠯ ᠦᠯᠡᠳᠡᠭᠡᠬᠦ