ᠣᠲᠣᠷ ᠤᠨ ᠮᠠᠯᠴᠢᠳ ᠢᠶᠠᠨ ᠡᠷᠭᠢᠵᠡᠢ | News.MN

ᠣᠲᠣᠷ ᠤᠨ ᠮᠠᠯᠴᠢᠳ ᠢᠶᠠᠨ ᠡᠷᠭᠢᠵᠡᠢ

ᠬᠤᠪᠳᠤ ᠠᠶᠢᠮᠠᠭ ᠤᠨ ᠴᠢᠨᠳᠠᠮᠤᠨᠢ ᠰᠤᠮᠤ ᠶᠢᠨ  ᠢᠷᠭᠡᠳ ᠤᠨ ᠲᠥᠯᠥᠭᠡᠯᠡᠭᠴᠢᠳ ᠤᠨ ᠬᠤᠷᠠᠯ᠂  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ  ᠤᠨ ᠬᠢᠨ ᠠᠯᠤᠰ ᠤᠨ ᠣᠲᠣᠷ ᠨᠡᠭᠦᠳᠡᠯ ᠬᠢᠵᠦ ᠪᠤᠶ ᠮᠠᠯᠴᠢᠳ ᠢᠶᠠᠨ ᠡᠷᠭᠢᠵᠦ᠂ ᠲᠤᠰᠠᠯᠠᠮᠵᠢ ᠳᠡᠮᠵᠢᠯᠭᠡ ᠦᠵᠡᠭᠦᠯᠵᠡᠢ᠃ ᠲᠣᠳᠣᠷᠠᠭᠤᠯᠪᠠᠯ᠂ 2023 ᠣᠨ ᠤ ᠨᠢᠭᠡᠳᠦᠭᠡᠷ ᠰᠠᠷ᠎ᠠ ᠶᠢᠨ 4-9 ᠳᠤ ᠭᠤᠪᠢ ᠠᠯᠲᠠᠢ ᠠᠶᠢᠮᠠᠭ ᠤᠨ ᠲᠣᠩᠬᠢᠯ ᠰᠤᠮᠤ᠂ ᠬᠤᠪᠳᠤ ᠠᠶᠢᠮᠠᠭ ᠤᠨ ᠵᠡᠷᠭᠡ᠂ ᠳᠠᠷᠪᠢ᠂ ᠴᠡᠴᠡᠭ᠂ ᠮᠥᠰᠥᠲᠦ᠂ ᠠᠯᠲᠠᠢ ᠰᠤᠮᠤᠨ ᠳᠤ ᠣᠲᠣᠷ ᠨᠡᠭᠦᠳᠡᠯ ᠢᠶᠠᠷ ᠡᠪᠦᠯᠵᠢᠵᠦ ᠪᠠᠶᠢᠭ᠎ᠠ ᠮᠠᠯᠴᠢᠳ ᠲᠠᠢ ᠠᠭᠤᠯᠵᠠᠵᠤ᠂ ᠡᠪᠤᠯᠵᠢᠯᠲᠡ ᠶᠢᠨ ᠨᠥᠬᠦᠴᠡᠯ ᠪᠠᠶᠢᠳᠠᠯ ᠲᠠᠢ ᠭᠠᠵᠠᠷ ᠳᠡᠭᠡᠷ᠎ᠡ ᠨᠢ ᠲᠠᠨᠢᠯᠴᠠᠭᠰᠠᠨ ᠪᠠᠶᠢᠨ᠎ᠡ᠃
ᠲᠡᠳᠡ ᠮᠠᠯᠴᠢᠳ ᠲᠤ ᠲᠥᠷᠦ ᠶᠢᠨ ᠵᠠᠷᠢᠮ ᠦᠢᠯᠡᠴᠢᠯᠡᠭᠡ ᠦᠵᠡᠭᠦᠯᠵᠦ᠂ ᠰᠠᠨᠠᠯ ᠬᠦᠰᠡᠯᠲᠡ ᠶᠢ ᠰᠣᠨᠣᠰᠴᠤ᠂ ᠬᠥᠮᠦᠨ ᠡᠮᠨᠡᠯᠭᠡ ᠪᠤᠯᠦᠠ ᠮᠠᠯ ᠡᠮᠨᠡᠯᠭᠡ ᠶᠢᠨ ᠠᠩᠬᠠᠨ ᠱᠠᠲᠤᠨ ᠤ ᠲᠤᠰᠠᠯᠠᠮᠵᠢ ᠦᠢᠯᠡᠴᠢᠯᠡᠭᠡ ᠦᠵᠡᠭᠦᠯᠵᠡᠢ᠃

ᠰᠡᠳᠬᠢᠭᠳᠡᠯ ᠦᠯᠡᠳᠡᠭᠡᠬᠦ