ᠵᠡᠭᠦᠨ ᠡᠮᠦᠨᠡᠳᠦ ᠠᠽᠢᠶ᠎ᠠ ᠶᠢᠨ ᠰᠠᠭᠰᠤᠨ ᠪᠥᠮᠪᠦᠭᠡ ᠶᠢᠨ ᠯᠢᠭ ᠲᠤ ᠮᠣᠩᠭᠤᠯ ᠪᠠᠭ ᠦᠷᠢᠰᠦᠯᠳᠦᠬᠦ ᠬᠦᠰᠡᠯᠲᠡ ᠪᠠᠨ ᠢᠯᠡᠷᠬᠡᠶᠢᠯᠡᠵᠡᠢ | News.MN

 ᠵᠡᠭᠦᠨ ᠡᠮᠦᠨᠡᠳᠦ ᠠᠽᠢᠶ᠎ᠠ ᠶᠢᠨ ᠰᠠᠭᠰᠤᠨ ᠪᠥᠮᠪᠦᠭᠡ ᠶᠢᠨ ᠯᠢᠭ ᠲᠤ ᠮᠣᠩᠭᠤᠯ ᠪᠠᠭ ᠦᠷᠢᠰᠦᠯᠳᠦᠬᠦ ᠬᠦᠰᠡᠯᠲᠡ ᠪᠠᠨ ᠢᠯᠡᠷᠬᠡᠶᠢᠯᠡᠵᠡᠢ

ᠥᠩᠭᠡᠷᠡᠭᠴᠢ ᠳᠣᠯᠤᠭ᠎ᠠ ᠬᠤᠨᠤᠭ ᠲᠤ ᠰᠢᠩᠭᠠᠫᠤᠷ ᠲᠤ ABL   ᠦᠨ ᠡᠭᠡᠯᠵᠢᠲᠦ ᠪᠤᠰᠤ ᠬᠤᠷᠠᠯ ᠪᠣᠯᠣᠭᠰᠠᠨ ᠪᠥᠭᠡᠳ ᠴᠠᠷ ᠲᠠᠬᠤᠯ ᠠᠴᠠ ᠬᠤᠶᠢᠰᠢ ᠠᠩᠬ᠎ᠠ ᠤᠳᠠᠭ᠎ᠠ ᠪᠠᠨ ᠠᠽᠢᠶ᠎ᠠ ᠶᠢᠨ ᠺᠯᠦ᠋ᠪ ᠤᠨ ᠡᠵᠡᠳ ᠴᠢᠭᠤᠯᠵᠤ᠂ ᠳᠠᠷᠠᠭ᠎ᠠ ᠶᠢᠨ ᠲᠠᠪᠤᠨ ᠵᠢᠯ ᠤᠨ ᠲᠥᠯᠥᠪᠯᠡᠭᠡ ᠪᠠᠨ ᠶᠠᠷᠢᠯᠴᠠᠵᠠᠢ᠃ ᠬᠤᠷᠠᠯ ᠳᠤ  ᠬᠤᠩᠺᠤᠩ᠂ ᠢᠨᠳᠤᠨᠢᠰᠢᠶ᠎ᠠ᠂ ᠮᠠᠺᠤ᠂ ᠮᠠᠯᠠᠶᠢᠽ᠂ ᠹᠢᠯᠢᠫᠢᠠ᠂ ᠰᠢᠩᠭᠠᠫᠦᠷ᠂  ᠲᠠᠶᠢᠯᠠᠨᠳ᠋᠂ ᠸᠢᠧᠲᠨᠠᠮ ᠤᠨ ᠨᠠᠢᠮᠠᠨ ᠪᠠᠭ ᠤᠨ ᠲᠥᠯᠦᠭᠡᠯᠡᠯ ᠭᠡᠰᠢᠭᠦᠨ ᠢᠶᠠᠷ ᠣᠷᠣᠯᠴᠠᠭᠰᠠᠨ ᠪᠣᠯ ᠵᠤᠴᠢᠠ ᠪᠠᠭ ᠢᠶᠠᠷ ᠮᠣᠩᠭᠤᠯ ᠰᠠᠭᠰᠤᠨ ᠪᠥᠮᠪᠦᠭᠡ ᠶᠢᠨ ᠲᠡᠭᠡᠳᠦ ᠯᠢᠭ ᠤᠨ ᠮ᠊ ᠭᠠᠷᠤᠳᠢ ᠪᠠᠭ ᠣᠷᠣᠯᠴᠠᠭᠰᠠᠨ ᠪᠠᠶᠢᠨ᠎ᠡ᠃
ᠲᠡᠳᠡ ᠮᠣᠩᠭᠣᠯ ᠤᠨ ᠰᠠᠭᠰᠤᠨ ᠪᠥᠮᠪᠦᠭᠡ ᠶᠢᠨ ᠬᠥᠭᠵᠢᠯ ᠰᠡᠭᠦᠯ ᠤᠨ ᠵᠢᠯ ᠤᠳ ᠲᠤ ᠬᠤᠷᠳᠤᠴᠠᠲᠠᠢ ᠬᠥᠭᠵᠢᠵᠦ ᠪᠠᠶᠢᠭ᠎ᠠ ᠶᠢ ᠣᠨᠴᠠᠯᠠᠭᠠᠳ᠂ ᠵᠥᠪᠬᠡᠨ ᠰᠢᠭᠰᠢᠭᠡ ᠪᠠᠭ ᠤᠨ ᠲᠦᠪᠰᠢᠨ ᠳᠤ ᠪᠢᠰᠢ᠂ ᠺᠯᠦ᠋ᠪ ᠤᠨ ᠲᠦᠪᠰᠢᠨ ᠳᠤ ᠠᠽᠢᠶ᠎ᠠ ᠳᠤ ᠤᠷ᠎ᠠ ᠴᠢᠳᠠᠪᠤᠷᠢ ᠪᠠᠨ ᠰᠤᠷᠢᠬᠤ ᠳᠤ ᠪᠡᠯᠡᠨ ᠪᠠᠶᠢᠭ᠎ᠠ ᠪᠠᠨ ᠢᠯᠡᠷᠬᠡᠶᠢᠯᠡᠵᠡᠢ᠃ ASEAN Basketball League ᠤᠨ  2023-2024 ᠣᠨ ᠤ ᠤᠯᠠᠷᠢᠯ 11 ᠰᠠᠷ᠎ᠠ ᠳᠤ ᠡᠬᠢᠯᠡᠬᠦ ᠪᠥᠭᠡᠳ ᠮᠣᠩᠭᠤᠯ ᠤᠯᠤᠰ ᠤᠨ ᠰᠠᠭᠰᠤᠨ ᠪᠥᠮᠪᠥᠭᠡᠴᠢᠳ ᠥᠪᠡᠷ ᠤᠨ ᠡᠬᠡ ᠣᠷᠣᠨ ᠳᠤ ᠪᠠᠨ ᠠᠽᠢᠶ᠎ᠠ ᠶᠢᠨ ᠺᠯᠦ᠋ᠪ  ᠤᠳ ᠢ ᠬᠦᠯᠢᠶᠡᠨ ᠠᠪᠴᠤ ᠲᠣᠭᠯᠠᠳᠠᠭ᠂ ᠬᠠᠭᠠᠰ ᠵᠢᠯ ᠤᠨ ᠲᠤᠷᠰᠢ ᠠᠽᠢᠶ᠎ᠠ ᠶᠢᠨ ᠪᠤᠰᠤᠳ ᠤᠯᠤᠰ ᠤᠳ ᠢᠶᠠᠷ ᠵᠣᠴᠢᠯᠠᠵᠤ ᠲᠣᠭᠯᠠᠳᠠᠭ ᠪᠣᠯᠬᠤ ᠨᠢ ᠡ᠃

ᠰᠡᠳᠬᠢᠭᠳᠡᠯ ᠦᠯᠡᠳᠡᠭᠡᠬᠦ