ᠮᠣᠩᠭᠤᠯ ᠤᠯᠤᠰ ᠤᠨ E ᠰᠫᠣᠷᠲ ᠤᠨ ᠲᠠᠮᠢᠷᠴᠢᠳ 6.2 ᠲᠡᠷᠪᠤᠮ ᠲᠥᠭᠦᠷᠢᠭ ᠤᠯᠵᠠᠢ | News.MN

ᠮᠣᠩᠭᠤᠯ ᠤᠯᠤᠰ ᠤᠨ E ᠰᠫᠣᠷᠲ ᠤᠨ ᠲᠠᠮᠢᠷᠴᠢᠳ 6.2 ᠲᠡᠷᠪᠤᠮ ᠲᠥᠭᠦᠷᠢᠭ ᠤᠯᠵᠠᠢ

ᠮᠣᠩᠭᠤᠯ ᠤᠯᠤᠰ ᠤᠨ E ᠰᠫᠣᠷᠲ ᠤᠨ ᠲᠠᠮᠢᠷᠴᠢᠳ 2015 ᠣᠨ ᠠᠴᠠ ᠬᠤᠶᠢᠰᠢ ᠣᠷᠣᠯᠴᠠᠭᠰᠠᠨ ᠣᠯᠠᠨ ᠤᠯᠤᠰ ᠤᠨ ᠲᠡᠮᠡᠴᠡᠭᠡᠨ ᠠᠴᠠ 1.8  ᠰᠠᠶ᠎ᠠ  ᠳ᠋ᠣᠯᠯᠠᠷ ᠪᠤᠶᠤ ᠲᠥᠭᠦᠷᠢᠭ ᠢᠶᠠᠷ 6.2 ᠲᠡᠷᠪᠤᠮ ᠣᠯᠣᠭᠰᠠᠨ ᠭᠡᠵᠦ Esportsearnings ᠰᠠᠶᠢᠲ ᠮᠡᠳᠡᠭᠡᠯᠡᠪᠡ᠃ ᠡᠭᠦᠨ ᠠᠴᠠ 2022 ᠣᠨ ᠳᠤ 3.1 ᠲᠡᠷᠪᠤᠮ ᠲᠥᠭᠦᠷᠢᠭ ᠣᠯᠣᠭᠰᠠᠨ ᠪᠥᠭᠡᠳ ᠨᠡᠶᠢᠲᠡ ᠤᠷᠤᠯᠭ᠎ᠠ ᠶᠢᠨ ᠢᠶᠠᠨ 50 ᠭᠠᠷᠦᠢ ᠬᠤᠪᠢ ᠶᠢ ᠭᠠᠷ ᠤᠲᠠᠰᠤᠨ ᠤ ᠲᠣᠭᠯᠠᠭᠠᠮ ᠠᠴᠠ ᠣᠯᠣᠭᠰᠠᠨ ᠪᠠᠶᠢᠨ᠎ᠡ᠃
ᠲᠣᠳᠣᠷᠠᠭᠤᠯᠪᠠᠯ᠂ ᠨᠡᠶᠢᠲᠡ ᠠᠰᠢᠭ ᠤᠨ ᠢᠶᠠᠨ 3.4 ᠲᠡᠷᠪᠤᠮ ᠲᠥᠭᠦᠷᠢᠭ ᠢ Pubg Mobile᠂ Dota ᠠᠴᠠ 629  ᠰᠠᠶ᠎ᠠ᠂ CS#GO ᠠᠴᠠ 2.07 ᠲᠡᠷᠪᠤᠮ᠂ Call of Bobile ᠲᠣᠭᠯᠠᠭᠠᠮ ᠠᠴᠠ 22  ᠰᠠᠶ᠎ᠠ᠂ Valorant ᠠᠴᠠ 48  ᠰᠠᠶ᠎ᠠ ᠲᠥᠭᠦᠷᠢᠭ ᠣᠯᠵᠠᠢ᠃ ᠳᠣᠲᠤᠭᠠᠳᠤ ᠭᠠᠳᠠᠭᠠᠳᠤ ᠶᠢᠨ 270 ᠭᠠᠷᠦᠢ ᠲᠡᠮᠡᠴᠡᠭᠡᠨ ᠠᠴᠠ ᠣᠯᠣᠭᠰᠠᠨ ᠴᠡᠪᠡᠷ ᠠᠰᠢᠭ ᠡᠨᠡ ᠪᠥᠭᠡᠳ ᠮᠠᠨ ᠤ ᠤᠯᠤᠰ ᠤᠨ E ᠰᠫᠣᠷᠲ ᠤᠨ ᠲᠠᠮᠢᠷᠴᠢᠳ ᠳᠡᠯᠡᠬᠡᠢ ᠶᠢᠨ ᠴᠢᠨᠰᠠᠭ᠎ᠠ ᠶᠢᠨ 58 ᠳ᠋ᠤᠭᠠᠷ ᠪᠠᠶᠢᠷᠢ ᠳᠤ ᠪᠢᠴᠢᠭᠳᠡᠵᠦ ᠪᠠᠶᠢᠭ᠎ᠠ  ᠶᠤᠮ᠃

ᠰᠡᠳᠬᠢᠭᠳᠡᠯ ᠦᠯᠡᠳᠡᠭᠡᠬᠦ