ᠡ᠊ ·ᠠᠮᠤᠷᠲᠦ᠋ᠪᠰᠢᠨ ᠨᠢᠦ᠋ ᠶᠤᠷᠺ ᠤᠨ︽ᠮᠧᠲᠷᠤᠫᠤᠯᠢᠲ᠋ᠧᠨ︾ᠲᠢᠶᠠᠲᠷ  ᠲᠤ ᠳᠠᠭᠤᠯᠠᠨ᠎ᠠ | News.MN

ᠡ᠊ ·ᠠᠮᠤᠷᠲᠦ᠋ᠪᠰᠢᠨ ᠨᠢᠦ᠋ ᠶᠤᠷᠺ ᠤᠨ︽ᠮᠧᠲᠷᠤᠫᠤᠯᠢᠲ᠋ᠧᠨ︾ᠲᠢᠶᠠᠲᠷ  ᠲᠤ ᠳᠠᠭᠤᠯᠠᠨ᠎ᠠ

ᠮᠣᠩᠭᠤᠯ ᠤᠯᠤᠰ ᠤᠨ ᠠᠷᠠᠳ ᠤᠨ ᠵᠦᠴᠦᠭᠡᠴᠢᠨ ᠡ᠊·ᠠᠮᠤᠷᠲᠦ᠋ᠪᠰᠢᠨ ᠳᠡᠯᠡᠬᠡᠢ ᠶᠢᠨ ᠬᠠᠮᠤᠬ ᠤᠨ ᠨᠡᠷ᠎ᠡ ᠬᠦᠨᠳᠦᠲᠡᠢ ᠲᠢᠶᠠᠲᠷ ᠤᠳ ᠤᠨ ᠲᠡᠷᠢᠭᠦᠨ ᠳᠤ ᠣᠷᠣᠳᠠᠭ  ᠠᠮᠧᠷᠢᠺᠠ ᠶᠢᠨ ᠨᠢᠦ᠋ ᠶᠤᠷᠺ ᠬᠤᠲᠠ ᠶᠢᠨ ᠠᠯᠳᠠᠷᠲᠤ︽ᠮᠧᠲᠷᠤᠫᠤᠯᠢᠲ᠋ᠧᠨ︾ᠲᠢᠶᠠᠲᠷ ᠤᠨ ᠲᠠᠶᠢᠵᠠᠨ᠎ᠠ  ᠨᠢᠭᠡᠳᠦᠭᠡᠷ ᠰᠠᠷ᠎ᠠ ᠶᠢᠨ 5᠂8᠂ 14᠂20᠂ 26 ᠤ ᠡᠳᠦᠷ ᠤᠳ ᠲᠤ ᠠᠯᠳᠠᠷᠲᠤ ᠬᠥᠭᠵᠢᠮ ᠤᠨ ᠵᠣᠬᠢᠶᠠᠯᠴᠢ ᠵ᠊ ·ᠸᠸᠷᠳ᠋ ᠦᠨ︽ᠲᠷᠠᠸᠢᠶᠠᠲ᠋ᠨ︾ ᠳᠠᠭᠤᠷᠢ ᠳᠤ ᠳᠠᠭᠤᠯᠠᠬᠤ ᠪᠠᠷ ᠪᠤᠯᠵᠠᠢ᠃
ᠲᠡᠷᠡ ᠪᠠᠷ ᠡᠨᠡ ᠣᠨ ᠤ ᠳᠡᠯᠡᠬᠡᠢ ᠶᠢᠨ ᠰᠢᠯᠢᠳᠡᠭ ᠳᠠᠭᠤᠷᠢ ᠶᠢᠨ ᠳᠠᠭᠤᠴᠢᠳ ᠤᠨ ᠵᠢᠭᠰᠠᠭᠠᠯᠲᠠ ᠳᠤ ᠪᠠᠭᠲᠠᠭᠰᠠᠨ ᠶᠤᠮ᠃ ᠡ᠊ ·ᠠᠮᠤᠷᠲᠦ᠋ᠪᠰᠢᠨ ᠦᠡᠭᠭᠡᠷᠡᠭᠰᠡᠠ ᠨᠠᠢᠮᠠᠳᠤᠭᠠᠷ ᠰᠠᠷ᠎ᠠ ᠳᠤ  ᠡᠬᠡ ᠣᠷᠣᠨ ᠳᠤ ᠪᠠᠨ ᠢᠷᠡᠬᠦ ᠳᠦ ᠨᠢ᠂ ᠲᠡᠭᠦᠨ ᠳᠤ ᠮᠣᠩᠭᠤᠯ ᠤᠯᠤᠰ ᠤᠨ ᠠᠷᠠᠳ ᠤᠨ ᠵᠦᠴᠦᠭᠡᠴᠢᠨ ᠴᠣᠯᠠ ᠲᠡᠮᠳᠡᠭ ᠢ ᠨᠥᠬᠦᠨ ᠣᠯᠭᠤᠭᠰᠠᠨ  ᠶᠤᠮ᠃ ᠲᠡᠷᠡ ᠪᠠᠷ 2009 ᠣᠨ ᠠᠴᠠ ᠰᠣᠩᠭᠤᠳᠠᠭ ᠤᠷᠠᠯᠢᠭ ᠤᠨ ᠭᠠᠷᠤᠭ᠎ᠠ ᠪᠠᠨ ᠳᠠᠭᠤᠷᠢ ᠪᠥᠵᠢᠭ ᠤᠨ ᠡᠷᠳᠡᠮ ᠤᠨ ᠲᠢᠶᠠᠲᠷ ᠠᠴᠠ ᠡᠬᠢᠯᠡᠵᠦ ᠪᠠᠶᠢᠵᠠᠢ᠃ ᠤᠯᠠᠮ ᠢᠶᠠᠷ 25 ᠨᠠᠰᠤᠨ ᠳᠤ ᠪᠠᠨ ᠮᠣᠩᠭᠤᠯ ᠤᠯᠤᠰ ᠤᠨ ᠭᠠᠪᠢᠶᠠᠲᠤ ᠵᠦᠴᠦᠭᠡᠴᠢᠨ ᠴᠣᠯᠠ ᠶᠢ ᠬᠦᠷᠲᠡᠵᠦ ᠪᠠᠶᠢᠭᠰᠠᠨ ᠪᠢᠯᠡ᠃

ᠰᠡᠳᠬᠢᠭᠳᠡᠯ ᠦᠯᠡᠳᠡᠭᠡᠬᠦ