ᠠ᠊ ·ᠢᠴᠢᠨᠨᠣᠷᠪᠤ ᠰᠦᠮᠣ᠋ ᠶᠢᠨ ᠲᠡᠭᠡᠳᠦ ᠵᠢᠨᠳᠠᠭᠠᠨ ᠳᠤ ᠠᠩᠬ᠎ᠠ ᠤᠳᠠᠭ᠎ᠠ ᠲᠦᠷᠦᠭᠦᠯᠡᠯ᠎ᠡ
ᠰᠦᠮᠣ᠋ ᠪᠥᠬᠡ ᠶᠢᠨ ᠳᠣᠯᠣᠳᠤᠭᠠᠷ ᠰᠠᠷ᠎ᠠ ᠶᠢᠨ ᠲᠡᠮᠡᠴᠡᠭᠡᠨ ᠳᠤ ᠠ᠊ ·ᠢᠴᠢᠨᠨᠣᠷᠪᠤ ᠲᠦᠷᠦᠭᠦᠯᠡᠭᠰᠡᠨ᠃ ᠲᠡᠷᠡ ᠪᠠᠷ ᠠᠩᠬ᠎ᠠ ᠤᠳᠠᠭ᠎ᠠ ᠲᠡᠭᠡᠳᠦ ᠽᠢᠨᠳᠠᠭᠠᠨ ᠳᠤ ᠲᠦᠷᠦᠭᠦᠯᠡᠭᠰᠡᠨ ᠨᠢ ᠡᠨᠡ᠃ ᠮᠦᠠ ᠪᠦᠬᠦ ᠶᠠᠫᠣᠨ ᠤ ᠣᠶᠤᠲᠠᠨ ᠤ ᠠᠪᠤᠷᠭᠤ ᠰᠢᠯᠭᠠᠷᠠᠭᠤᠯᠬᠤ ᠰᠦᠮᠣ᠋ ᠪᠥᠬᠡ ᠶᠢᠨ ᠲᠡᠮᠡᠴᠡᠭᠡᠨ ᠳᠤ ᠨᠢᠫᠫᠣᠨ ᠰᠫᠣᠷᠲ ᠤᠨ ᠰᠢᠨᠵᠢᠯᠡᠬᠦ ᠤᠬᠠᠭᠠᠨ ᠤ ᠶᠡᠭᠡ ᠰᠤᠷᠭᠠᠭᠤᠯᠢ ᠶᠢᠨ ᠣᠶᠤᠲᠠᠨ ᠪ ∙ ᠴᠤᠢᠵᠢᠯᠰᠦ᠋ᠷᠤᠩ ᠲᠦᠷᠦᠭᠦᠯᠡᠭᠰᠡᠨ᠃ ᠲᠡᠷᠡ ᠪᠠᠷ ᠲᠤᠰ ᠨᠡᠷ᠎ᠡ ᠬᠦᠨᠳᠦᠲᠡᠢ ᠲᠡᠮᠡᠴᠡᠭᠡᠨ ᠳᠤ ᠠᠪᠤᠷᠭᠤᠯᠠᠭᠰᠠᠨ ᠭᠤᠷᠪᠠᠳᠠᠬᠢ ᠮᠣᠩᠭᠤᠯ ᠰᠦᠮᠣᠴᠢ ᠪᠣᠯᠣᠯ᠎ᠠ᠃ ᠲᠡᠷᠡ ᠮᠡᠷᠭᠡᠵᠢᠯ ᠤᠨ ᠰᠦᠮᠣ᠋ ᠳᠤ ᠮᠠᠺᠤᠱᠢᠲ᠋ᠠ ᠶᠢᠨ 15 ᠠᠴᠠ ᠰᠢᠭᠤᠦᠠ ᠪᠡᠷᠢᠯᠳᠦᠬᠤ ᠡᠷᠬᠡ ᠲᠠᠢ ᠪᠣᠯᠵᠤ ᠪᠠᠶᠢᠭ᠎ᠠ ᠶᠤᠮ᠃
ᠪ ∙ ᠮᠦᠩᠬᠡᠠᠤᠷᠭᠢᠯ ᠲᠡᠭᠡᠳᠦ ᠵᠢᠨᠳᠠᠭᠠᠨ ᠳᠤ ᠲᠦᠷᠦᠭᠦᠯᠡᠭᠰᠡᠨ ᠬᠠᠮᠤᠬ ᠤᠨ ᠠᠬᠠᠮᠡᠦᠠ ᠰᠦᠮᠣᠴᠢ ᠪᠣᠯᠣᠯ᠎ᠠ
ᠶᠠᠫᠣᠨ ᠤ ᠰᠦᠮᠣ᠋ ᠪᠥᠬᠡ ᠶᠢᠨ ᠠᠺᠢ ᠪᠠᠱᠶᠤ᠋ 2022 ᠣᠨ ᠤ ᠶᠢᠰᠦᠳᠦᠭᠡᠷ ᠰᠠᠷ᠎ᠠ ᠶᠢᠨ 25 ᠳᠤ ᠥᠨᠳᠥᠷᠯᠡᠵᠦ᠂ ᠪ ∙ ᠮᠦᠩᠬᠡᠠᠤᠷᠭᠢᠯ 13 ᠳᠠᠪᠠᠭ᠎ᠠ ᠬᠤᠶᠠᠷ ᠤᠨᠤᠭ᠎ᠠ ᠲᠠᠢ ᠪᠠᠷ ᠲᠦᠷᠦᠭᠦᠯᠡᠯ᠎ᠡ᠃ ᠲᠡᠷᠡ 1958 ᠣᠨ ᠠᠴᠠ ᠬᠤᠶᠢᠰᠢ ᠵᠢᠯ ᠳᠤ ᠵᠢᠷᠭᠤᠭᠠᠨ ᠲᠡᠮᠡᠴᠡᠭᠡᠨ ᠵᠣᠬᠢᠶᠠᠵᠤ ᠡᠬᠢᠯᠡᠭᠰᠡᠨ ᠲᠡᠭᠡᠳᠦ ᠵᠢᠨᠳᠠᠭᠠᠨ ᠳᠤ ᠲᠦᠷᠦᠭᠦᠯᠡᠭᠰᠡᠨ ᠬᠠᠮᠤᠬ ᠤᠨ ᠠᠬᠠᠮᠡᠦᠠ ᠰᠦᠮᠣᠴᠢ ᠪᠣᠯᠣᠭᠰᠠᠨ ᠪᠠᠶᠢᠨ᠎ᠡ᠃
ᠮᠣᠩᠭᠣᠯ ᠤᠨ ᠳᠥᠷᠪᠡᠨ ᠰᠦᠮᠣᠴᠢ ᠬᠠᠮᠤᠬ ᠤᠨ ᠶᠡᠭᠡ ᠣᠷᠣᠯᠭ᠎ᠠ ᠣᠯᠣᠭᠰᠠᠨ ᠰᠦᠮᠤᠴᠢᠳ ᠤᠨ ᠡᠬᠢᠨ ᠤ 10 ᠳᠤ ᠪᠢᠴᠢᠭᠳᠡᠯ᠎ᠡ
2022 ᠣᠨ ᠤ ᠮᠡᠷᠭᠡᠵᠢᠯ ᠤᠨ ᠰᠦᠮᠣ᠋ ᠳᠤ ᠬᠠᠮᠤᠬ ᠤᠨ ᠶᠡᠭᠡ ᠣᠷᠣᠯᠭ᠎ᠠ ᠣᠯᠣᠭᠰᠠᠨ ᠰᠦᠮᠣᠴᠢ ᠪᠠᠷ ᠬ᠋᠊ · ᠭᠠᠩᠡᠷᠳᠡᠨᠢ ᠲᠣᠳᠣᠷᠠᠵᠠᠢ᠃ ᠲᠡᠷᠡ ᠪᠠᠷ ᠬᠤᠶᠠᠷ ᠵᠢᠯ ᠳᠠᠷᠠᠭᠠᠯᠠᠨ ᠬᠠᠮᠤᠬ ᠤᠨ ᠠᠰᠢᠭ ᠣᠯᠣᠭᠰᠠᠨ ᠰᠦᠮᠣᠴᠢ ᠪᠠᠷ ᠲᠣᠳᠣᠷᠠᠵᠤ ᠪᠠᠶᠢᠭ᠎ᠠ ᠪᠥᠭᠡᠳ ᠡᠨᠡ ᠵᠢᠯ 928.520 ᠳ᠋ᠣᠯᠯᠠᠷ ᠣᠯᠣᠭᠰᠠᠨ ᠪᠠᠶᠢᠨ᠎ᠡ᠃ ᠲᠡᠭᠦᠨ ᠠᠴᠠ ᠭᠠᠳᠡᠨ᠎ᠡ ᠪ ∙ ᠮᠦᠩᠬᠡᠠᠤᠷᠭᠢᠯ ᠂ ᠠ᠊ · ᠢᠴᠢᠨᠨᠣᠷᠪᠤ᠂ ᠰ᠊ · ᠪᠢᠮᠪᠠᠰᠦ᠋ᠷᠦᠩ ᠳᠣᠯᠤᠭ᠎ᠠ᠂ ᠨᠠᠢᠮᠠ᠂ ᠶᠢᠰᠦᠳᠦᠭᠡᠷ ᠪᠠᠶᠢᠷᠢ ᠳᠤ ᠵᠢᠭᠰᠠᠯ᠎ᠠ᠃