ᠦᠨᠳᠦᠰᠦᠨ ᠤ ᠡᠷᠭᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 111 ᠵᠢᠯ ᠤᠨ ᠣᠢ ᠳᠤ ᠵᠣᠷᠢᠭᠤᠯᠤᠭᠰᠠᠨ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠨᠡᠷᠡᠮᠵᠢᠲᠦ ᠴᠣᠮᠣ ᠶᠢᠨ ᠲᠥᠯᠥᠭᠡᠬᠢ ᠤᠯᠤᠰ᠂ ᠠᠶᠢᠮᠠᠭ ᠤᠨ ᠠᠯᠳᠡᠷ ᠴᠣᠯᠠ ᠲᠠᠢ ᠰᠢᠯᠢᠳᠡᠭ 128 ᠪᠥᠬᠡ ᠶᠢᠨ ᠪᠠᠷᠢᠯᠳᠤᠭᠠᠨ ᠥᠴᠥᠭᠡᠳᠦᠷ ᠪᠣᠯᠣᠯ᠎ᠠ᠃ ᠲᠤᠰ ᠪᠠᠷᠢᠯᠳᠤᠭᠠᠨ ᠳᠤ ᠰᠡᠯᠡᠩᠭᠡ ᠠᠶᠢᠮᠠᠭ ᠤᠨ ᠴᠠᠭᠠᠨᠨᠠᠭᠤᠷ ᠰᠤᠮᠤ ᠶᠢᠨ ᠬᠠᠷᠢᠶᠡᠳᠦ᠂ ᠤᠯᠤᠰ ᠤᠨ ᠠᠷᠰᠯᠠᠨ ᠪᠠᠶᠠᠷᠰᠠᠶᠢᠬᠠᠨ ᠤ ᠤᠷᠬᠤᠨᠪᠠᠶᠠᠷ ᠲᠦᠷᠦᠭᠦᠯᠡᠵᠦ᠂ ᠠᠩᠬ᠎ᠠ ᠤᠳᠠᠭ᠎ᠠ ᠶᠡᠷᠦᠩᠬᠡᠶᠢᠯᠡᠭᠴᠢ ᠶᠢᠨ ᠴᠣᠮᠣ ᠶᠢ ᠭᠠᠷᠳᠠᠯ᠎ᠠ᠃ ᠬᠡᠨᠲᠡᠢ ᠠᠶᠢᠮᠠᠭ ᠤᠨ ᠪᠠᠲᠤᠰᠢᠷᠡᠭᠡᠲᠦ ᠰᠤᠮᠤ ᠶᠢᠨ ᠬᠠᠷᠢᠶᠡᠳᠦ᠂ ᠤᠯᠤᠰ ᠤᠨ ᠬᠠᠷᠴᠠᠭᠠᠢ ᠭᠠᠩᠴᠤᠭᠲᠤ ᠶᠢᠨ ᠪᠠᠳᠠᠷᠠᠬᠤ ᠦᠵᠦᠭᠦᠷᠯᠡᠪᠡ᠃
ᠶᠡᠭᠡ ᠰᠢᠪᠦᠭᠡ ᠶᠢᠨ ᠳᠥᠷᠪᠡ ᠳᠤ ᠬᠤᠪᠳᠤ ᠠᠶᠢᠮᠠᠭ ᠤᠨ ᠵᠡᠷᠭᠡ ᠰᠤᠮᠤ ᠶᠢᠨ ᠬᠠᠷᠢᠶᠡᠳᠦ᠂ ᠤᠯᠤᠰ ᠤᠨ ᠵᠠᠭᠠᠨ ᠪ ∙ ᠪᠠᠲᠤ ᠥᠯᠵᠡᠶ᠂ ᠵᠠᠪᠬᠠᠨ ᠠᠶᠢᠮᠠᠭ ᠤᠨ ᠶᠡᠭᠡ ᠠᠭᠤᠯᠠ᠂ ᠰᠤᠮᠤ ᠶᠢᠨ ᠬᠠᠷᠢᠶᠡᠳᠦ᠂ ᠤᠯᠤᠰ ᠤᠨ ᠨᠠᠴᠢᠨ ᠪ∙ᠴᠢᠮᠡᠳᠸᠠᠩᠳᠠᠨ ᠨᠠᠷ ᠰᠢᠯᠭᠠᠷᠠᠯ᠎ᠠ᠃ ᠥᠨᠥᠳᠥᠷ ᠤᠨ ᠪᠠᠷᠢᠯᠳᠤᠭᠠᠨ ᠳᠤ ᠠᠶᠢᠮᠠᠭ ᠤᠨ ᠵᠠᠭᠠᠨ ᠴᠣᠯᠠᠲᠠᠨ ᠵᠢᠷᠭᠤᠭ᠎ᠠ ᠪᠠᠭᠲᠠᠵᠤ᠂ ᠠᠶᠢᠮᠠᠭ ᠤᠨ ᠬᠠᠷᠴᠠᠭᠠᠢ ᠠᠴᠠ ᠳᠣᠭᠤᠭᠰᠢ ᠴᠤᠯᠠᠲᠠᠳ ᠪᠠᠭᠲᠠᠭᠰᠠᠨ ᠦᠭᠡᠢ᠃