ᠢᠷᠠᠭᠤ ᠨᠠᠶᠢᠷᠠᠭᠴᠢ ᠮ᠊ ∙ ᠠᠮᠣᠷᠬᠦᠦ︽ᠨᠠᠴᠤᠭᠳᠣᠷᠵᠢ︾ᠴᠣᠮᠤ ᠭᠠᠷᠳᠠᠯ᠎ᠠ | News.MN

ᠢᠷᠠᠭᠤ ᠨᠠᠶᠢᠷᠠᠭᠴᠢ ᠮ᠊ ∙ ᠠᠮᠣᠷᠬᠦᠦ︽ᠨᠠᠴᠤᠭᠳᠣᠷᠵᠢ︾ᠴᠣᠮᠤ ᠭᠠᠷᠳᠠᠯ᠎ᠠ

2019 ᠣᠨ ᠳᠤ ᠪᠠᠭᠠᠨᠠᠭᠤᠷ ᠳᠡᠭᠦᠷᠭᠡ ᠳᠤ ᠳᠡᠭᠦᠷᠭᠡ ᠳᠤ ᠵᠣᠬᠢᠶᠠᠭᠰᠠᠨ ︽ᠪᠣᠯᠣᠷ ᠴᠣᠮᠤ 37︾ ᠨᠠᠭᠠᠳᠤᠮ ᠠᠴᠠ ᠬᠤᠶᠢᠰᠢ ᠣᠨ ᠤ ᠰᠢᠯᠢᠳᠡᠭ ᠰᠢᠯᠦᠭ ᠲᠤᠭᠤᠷᠪᠢᠵᠤ᠂︽ᠪᠣᠯᠣᠷ ᠴᠣᠮᠤ︾ᠬᠦᠷᠲᠡᠭᠰᠡᠨ ᠢᠷᠠᠭᠤ ᠨᠠᠶᠢᠷᠠᠭᠴᠢ ᠶᠢ ᠪᠠᠭᠠᠨᠠᠭᠤᠷ ᠳᠡᠭᠦᠷᠭᠡ ᠶᠡᠭᠡ ᠵᠣᠬᠢᠶᠠᠯᠴᠢ ᠳ᠋᠊ · ᠨᠠᠴᠤᠭᠳᠣᠷᠵᠢ ᠶᠢᠨ ᠳᠦᠷᠢ  ᠪᠦᠬᠦᠢ ᠳᠤᠷᠠᠰᠬᠠᠯ ᠤᠨ ᠴᠣᠮᠤ ᠪᠠᠷ ᠮᠢᠯᠢᠶᠠᠳᠠᠭ ᠤᠯᠠᠮᠵᠢᠯᠠᠯ ᠲᠣᠭᠲᠠᠭᠰᠠᠨ ᠶᠤᠮ᠃
12 ᠳ᠋ᠤᠭᠠᠷ ᠰᠠᠷ᠎ᠠ ᠶᠢᠨ 26  ᠳᠤ ᠪᠠᠭᠠᠨᠠᠭᠤᠷ ᠲᠡᠭᠦᠷᠭᠡ ᠶᠢᠨ ᠵᠠᠰᠠᠭ ᠳᠠᠷᠤᠭ᠎ᠠ ᠰ᠊ · ᠳᠠᠸᠠᠰᠦ᠋ᠷᠦᠩ︽ᠪᠣᠯᠣᠷ ᠴᠣᠮᠤ 40︾ ᠨᠠᠭᠠᠳᠤᠮ ᠤᠨ ᠲᠡᠷᠢᠬᠦᠠ ᠨᠠᠶᠢᠷᠠᠭᠴᠢ ᠮ᠊ ∙ ᠠᠮᠤᠷᠬᠦᠦ ᠳᠤ ︽ᠨᠠᠴᠤᠭᠳᠣᠷᠵᠢ︾ᠳᠤᠷᠠᠰᠬᠠᠯ ᠤᠨ ᠴᠣᠮᠣ ᠶᠢ ᠭᠠᠷᠳᠠᠭᠤᠯᠤᠯ᠎ᠠ᠃
ᠳᠤᠷᠠᠰᠬᠠᠯ ᠤᠨ ᠴᠣᠮᠤ ᠭᠠᠷᠳᠠᠭᠤᠯᠬᠤ ᠶᠣᠰᠣᠯᠠᠯ ᠳᠤ ᠮᠤᠩᠭᠤᠯ ᠤᠨ ᠵᠤᠬᠢᠶᠠᠯᠴᠢᠳ ᠤᠨ ᠡᠪᠯᠡᠯ ᠦᠨ ᠭᠦᠢᠴᠡᠳᠬᠡᠬᠦ ᠵᠠᠬᠢᠷᠤᠯ ᠣ᠊ ·ᠡᠩᠬᠡᠵᠢᠪᠬᠤᠯᠠᠩ᠂︽ᠪᠣᠯᠣᠷ ᠴᠣᠮᠤ︾ ᠶᠢᠨ ᠡᠵᠡᠨ᠂  ᠲᠡᠦᠬᠡ ᠶᠢᠨ ᠤᠬᠠᠭᠠᠨ ᠤ ᠳ᠋ᠣᠺᠲ᠋ᠣᠷ᠂ ᠢᠷᠠᠭᠤ ᠨᠠᠶᠢᠷᠠᠭᠴᠢ ᠳ᠋᠊ · ᠪᠣᠯᠣᠳᠬᠤᠶᠠᠭ᠂ ᠬ᠋᠊ ·ᠰᠧᠷᠠᠤᠳᠤ ᠶᠢᠨ ᠱᠠᠩᠨᠠᠯᠲᠤ ᠢᠷᠠᠭᠤ ᠨᠠᠶᠢᠷᠠᠭᠴᠢ ᠶᠠ᠊ · ᠣᠳᠬᠤᠨᠪᠠᠶᠠᠷ᠂ ᠢᠷᠠᠭᠤ ᠨᠠᠶᠢᠷᠠᠭᠴᠢ ᠠ᠊ · ᠲᠦᠮᠡᠨᠪᠠᠶᠠᠷ᠂  ᠨᠨ᠊·ᠴᠠᠭᠠᠨᠬᠦᠦ ᠨᠠᠷ ᠪᠠᠶᠢᠯᠴᠠᠯ᠎ᠠ᠃

ᠰᠡᠳᠬᠢᠭᠳᠡᠯ ᠦᠯᠡᠳᠡᠭᠡᠬᠦ