ᠴᠡᠷᠢᠭ ᠤᠨ ᠭᠠᠪᠢᠶᠠᠨ ᠤ ᠣᠲᠣᠨᠲᠤ ᠵᠡᠪᠰᠡᠭᠲᠤ ᠬᠦᠴᠦᠨ ᠤ 167 ᠳ᠋ᠤᠭᠠᠷ ᠠᠩᠭᠢ ᠶᠢᠨ ᠬᠢᠨ ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠤᠨ ᠢᠶᠠᠨ ᠤᠷᠠᠯᠢᠭ᠂ ᠰᠫᠣᠷᠲ ᠤᠨ ᠤᠷ᠎ᠠ ᠴᠢᠳᠠᠪᠤᠷᠢ ᠶᠢ ᠨᠡᠮᠡᠭᠳᠡᠭᠦᠯᠬᠦ᠂ ᠪᠠᠭ ᠬᠠᠮᠲᠤ ᠣᠯᠠᠨᠴᠢ ᠠᠭᠤᠷ ᠠᠮᠢᠰᠬᠤᠯ ᠢ ᠪᠠᠬᠢᠵᠢᠭᠦᠯᠬᠦ ᠬᠦᠷᠢᠶᠡᠨ ᠳᠤ ᠣᠯᠠᠨ ᠦᠶᠯᠡ ᠠᠵᠢᠯᠯᠠᠭ᠎ᠠ ᠶᠢ ᠵᠣᠬᠢᠶᠠᠨ ᠪᠠᠶᠢᠭᠤᠯᠵᠤ ᠪᠠᠶᠢᠨ᠎ᠡ᠃
12 ᠳ᠋ᠤᠭᠠᠷ ᠰᠠᠷ᠎ᠠ ᠶᠢᠨ 24᠂ 25 ᠤ ᠡᠳᠦᠷ ᠤᠳ ᠲᠤ ᠬᠢᠯᠢ ᠶᠢᠨ ᠴᠡᠷᠢᠭ ᠤᠨ 0131 ᠳ᠋ᠦ᠋ᠭᠡᠷ ᠠᠩᠭᠢ ᠲᠠᠢ ᠬᠠᠮᠲᠤᠷᠠᠨ ᠬᠤᠶᠠᠷ ᠠᠩᠭᠢ ᠶᠢᠨ ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠤᠨ ᠳᠤᠮᠳᠠ ᠰᠫᠣᠷᠲ ᠤᠨ ᠲᠡᠮᠡᠴᠡᠭᠡᠨ ᠵᠣᠬᠢᠶᠠᠨ ᠪᠠᠶᠢᠭᠤᠯᠤᠯ᠎ᠠ᠃
ᠲᠡᠮᠡᠴᠡᠭᠡᠨ ᠰᠠᠭᠰᠤᠨ ᠪᠥᠮᠪᠦᠭᠡ ᠪᠠᠷ ᠡᠬᠢᠯᠡᠭᠰᠡᠨ ᠪᠥᠭᠡᠳ ᠲᠡᠷᠢᠬᠦᠠ ᠪᠠᠶᠢᠷᠢ ᠳᠤ ᠳᠡᠳ᠋ ᠲᠦᠷᠦᠭᠦᠴᠢ ᠪ ∙ ᠡᠩᠬᠡᠲ᠋ᠦ᠋ᠮᠡᠨᠯᠤᠤ ᠠᠬᠠᠯᠠᠭᠴᠢ ᠲᠠᠢ ᠵᠡᠪᠰᠡᠭᠲᠦ ᠬᠦᠴᠦᠨ ᠤ 167 ᠳ᠋ᠤᠭᠠᠷ ᠠᠩᠭᠢ ᠶᠢᠨ ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠤᠨ ᠨᠢᠭᠡᠳᠦᠭᠡᠷ ᠪᠠᠭ᠂ ᠸᠤᠯᠸᠢᠢᠪᠣᠯ ᠤᠨ ᠲᠡᠮᠡᠴᠡᠭᠡᠨ ᠳᠤ ᠳᠡᠳ᠋ ᠲᠦᠷᠦᠭᠦᠴᠢ ᠮ᠊ ∙ ᠪᠢᠮᠪᠠᠷᠠᠭᠴᠠ ᠠᠬᠠᠯᠠᠭᠴᠢ ᠲᠠᠢ ᠵᠡᠪᠰᠡᠭᠲᠦ ᠬᠦᠴᠦᠨ ᠤ 167 ᠳ᠋ᠤᠭᠠᠷ ᠠᠩᠭᠢ ᠶᠢᠨ ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠤᠨ ᠨᠢᠭᠡᠳᠦᠭᠡᠷ ᠪᠠᠭ ᠲᠡᠷᠢᠭᠦᠯᠡᠵᠦ᠂ ᠱᠠᠩᠨᠠᠯ ᠤᠨ ᠡᠵᠡᠳ ᠪᠣᠯᠣᠯ᠎ᠠ᠃
ᠴᠣᠭᠴᠠᠯᠠᠪᠤᠷᠢ ᠲᠡᠮᠡᠴᠡᠭᠡᠨ ᠤ ᠳᠠᠷᠠᠭ᠎ᠠ ᠬᠢᠯᠢ ᠶᠢᠨ ᠴᠡᠷᠢᠭ ᠤᠨ 0131 ᠳ᠋ᠦ᠋ᠭᠡᠷ ᠠᠩᠭᠢ ᠶᠢᠨ ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠵᠡᠪᠰᠡᠭᠲᠤ ᠬᠦᠴᠦᠨ ᠤ 167 ᠳ᠋ᠤᠭᠠᠷ ᠠᠩᠭᠢ ᠳᠤ ᠵᠣᠴᠢᠯᠠᠵᠤ᠂ ᠮᠦᠷᠳᠡᠰᠦ ᠨᠢᠭᠡᠲᠦ ᠨᠥᠬᠦᠳ ᠤᠨ ᠢᠶᠠᠨ ᠴᠡᠷᠢᠭ ᠤᠨ ᠪᠠᠶᠢᠷᠢ᠂ ᠰᠤᠶᠦᠯ ᠠᠮᠠᠷᠠᠯᠲᠠ ᠶᠢᠨ ᠥᠷᠥᠭᠡ ᠪᠠᠷ ᠰᠠᠭᠠᠲᠠᠵᠤ᠂ ᠨᠢᠭᠡᠨ ᠡᠳᠦᠷ ᠢ ᠬᠠᠮᠲᠤ ᠳᠤ ᠪᠠᠨ ᠥᠩᠭᠡᠷᠡᠭᠦᠯᠦᠭᠰᠡᠨ ᠶᠤᠮ᠃