ᠠᠮᠧᠷᠢᠺᠠ ᠶᠢᠨ ᠨᠢᠦ᠋ ᠶᠤᠷᠺ ᠮᠤᠵᠢ ᠳᠤ ᠢᠷᠡᠬᠦ ᠣᠨ ᠤ ᠨᠢᠭᠡᠳᠦᠭᠡᠷ ᠰᠠᠷ᠎ᠠ ᠶᠢᠨ 12-22 ᠳᠤ ᠳᠡᠯᠡᠬᠡᠢ ᠶᠢᠨ ᠣᠶᠤᠲᠠᠨ ᠤ ᠰᠫᠣᠷᠲ ᠤᠨ ᠡᠪᠦᠯ ᠤᠨ ᠭᠤᠴᠢᠳᠤᠭᠠᠷ ᠤᠨᠢᠸ᠋ᠸᠷᠰᠢᠶᠠᠳ᠋ ᠨᠠᠭᠠᠳᠤᠮ ᠪᠣᠯᠤᠨ᠎ᠠ᠃ ᠡᠭᠦᠨ ᠳᠤ 50 ᠣᠷᠣᠨ ᠤ 2500 ᠣᠷᠴᠢᠮ ᠲᠠᠮᠢᠷᠴᠢᠨ᠂ ᠰᠫᠣᠷᠲ ᠤᠨ 12 ᠲᠥᠷᠥᠯ ᠢᠶᠠᠷ ᠦᠷᠢᠰᠦᠯᠳᠦᠬᠦ ᠪᠥᠭᠡᠳ ᠮᠣᠩᠭᠣᠯ ᠤᠨ ᠣᠶᠤᠲᠠᠨ ᠤ ᠰᠫᠣᠷᠲ ᠤᠨ ᠬᠤᠯᠪᠣᠭ᠎ᠠ ᠨᠢ ᠪᠡᠶ᠎ᠡ ᠶᠢᠨ ᠲᠠᠮᠢᠷ᠂ ᠰᠫᠣᠷᠲ ᠤᠨ ᠤᠯᠤᠰ ᠤᠨ ᠬᠤᠷᠢᠶ᠎ᠠ᠂ ᠮᠣᠩᠭᠣᠯ ᠤᠨ ᠴᠠᠨ᠎ᠠ ᠶᠢᠨ ᠬᠤᠯᠪᠣᠭ᠎ᠠ᠂ ᠮᠣᠩᠭᠣᠯ ᠤᠨ ᠲᠡᠰᠢᠭᠦᠷ ᠤᠨ ᠬᠤᠯᠪᠣᠭ᠎ᠠ ᠲᠠᠢ ᠬᠠᠮᠲᠤᠷᠠᠨ ᠠᠵᠢᠯᠯᠠᠵᠤ ᠭᠦᠶᠦᠯᠲᠡ ᠶᠢᠨ ᠴᠠᠨ᠎ᠠ᠂ ᠱᠣᠷᠲ ᠲᠷᠡᠢᠺ᠂ ᠹᠷᠢᠰᠲ᠋ᠠᠢᠯ᠂ ᠰᠨᠤᠪᠤᠠᠠᠷᠲ ᠭᠡᠰᠡᠨ ᠳᠥᠷᠪᠡᠨ ᠰᠫᠣᠷᠲ ᠤᠨ ᠲᠥᠷᠥᠯ ᠳᠤ ᠪᠠᠭ ᠲᠠᠮᠢᠷᠴᠢᠳ ᠢᠶᠡᠨ ᠣᠷᠣᠯᠴᠠᠭᠤᠯᠬᠤ ᠭᠡᠵᠦ ᠪᠠᠶᠢᠨ᠎ᠡ᠃
ᠮᠣᠩᠭᠣᠯ ᠤᠨ ᠪᠠᠭ ᠤᠨ ᠪᠦᠷᠢᠯᠳᠦᠬᠦᠨ ᠳᠤ ᠴᠠᠨ᠎ᠠ ᠶᠢᠨ ᠳᠠᠰᠬᠠᠯᠵᠢᠭᠤᠯᠤᠭᠴᠢ ᠪᠠᠷ ᠳ᠋᠊ · ᠪᠠᠲᠤᠲᠤᠯᠭ᠎ᠠ᠂ ᠲᠠᠮᠢᠷᠴᠢᠨ ᠢᠶᠠᠷ ᠣ᠊ · ᠵᠣᠯᠪᠠᠶᠠᠷ᠂ ᠪ∙ ᠨᠤᠮᠢᠡᠡᠷᠳᠡᠨᠢ᠂ ᠲ᠊ ·ᠠᠷᠢᠭᠤᠨᠪᠤᠯᠤᠳ᠂ ᠹᠷᠢᠰᠲ᠋ᠠᠢᠯ ᠪᠤᠯᠦᠠ ᠰᠨᠤᠪᠤᠠᠠᠷᠲ ᠤᠨ ᠳᠠᠰᠬᠠᠯᠵᠢᠭᠤᠯᠤᠭᠴᠢ ᠪᠠᠷ ᠮ᠊∙ᠰᠢᠨᠡᠲ᠋ᠦ᠋ᠷᠦ᠂ ᠲᠠᠮᠢᠷᠴᠢᠨ ᠢᠶᠠᠷ ᠡ᠊ · ᠲᠡᠮᠡᠦᠯᠦᠨ᠂ ᠠ᠊ ·ᠠᠷᠢᠭᠤᠨᠪᠠᠲᠤ᠂ ᠬ᠋᠊ · ᠭᠠᠩᠵᠣᠷᠢᠭ᠂ ᠱᠣᠷᠲ ᠲᠷᠡᠢᠺ ᠤᠨ ᠲᠥᠷᠥᠯ ᠳᠤ ᠳᠠᠰᠬᠠᠯᠵᠢᠭᠤᠯᠤᠭᠴᠢ ᠪᠠᠷ ᠪ ∙ ᠪᠠᠲᠤ ᠤᠷᠬᠢᠯ᠂ ᠲᠠᠮᠢᠷᠴᠢᠨ ᠢᠶᠠᠷ ᠪ ∙ ᠭᠡᠷᠡᠯᠲᠤᠶᠠᠭ᠎ᠠ᠂ ᠬ᠋᠊ · ᠮᠥᠩᠬᠡᠡᠷᠳᠡᠨᠢ᠂ ᠡ᠊ · ᠮᠥᠩᠬᠡᠡᠷᠳᠡᠨᠢ᠂ ᠨᠡᠶᠢᠲᠡ ᠳᠡᠭᠡᠨ ᠶᠢᠰᠤᠨ ᠲᠠᠮᠢᠷᠴᠢᠨ᠂ ᠭᠤᠷᠪᠠᠨ ᠳᠠᠰᠬᠠᠯᠵᠢᠭᠤᠯᠤᠭᠴᠢ᠂ ᠪᠠᠭ ᠤᠨ ᠠᠯᠪᠠᠨ ᠤ ᠬᠤᠶᠠᠷ᠂ ᠨᠡᠶᠢᠲᠡ 14 ᠬᠥᠮᠥᠨ ᠤ ᠪᠦᠷᠢᠯᠳᠦᠬᠦᠨ ᠲᠠᠢ ᠣᠷᠣᠯᠴᠠᠨ᠎ᠠ᠃