ᠦ᠊ · ᠡᠩᠬᠡᠵᠢᠨ ᠣᠨ ᠤ ᠣᠨᠴᠠᠯᠠᠬᠤ ᠬᠡᠦᠬᠡᠳ ᠢᠶᠠᠷ ᠲᠣᠳᠣᠷᠠᠪᠠ | News.MN

 ᠦ᠊ · ᠡᠩᠬᠡᠵᠢᠨ ᠣᠨ ᠤ ᠣᠨᠴᠠᠯᠠᠬᠤ ᠬᠡᠦᠬᠡᠳ ᠢᠶᠠᠷ ᠲᠣᠳᠣᠷᠠᠪᠠ

︽ᠮᠣᠩᠭᠣᠯ ᠤᠨ ᠰᠡᠶᠢᠬᠠᠠ ᠪᠢᠴᠢᠭᠲᠡᠨ︾᠂ ︽ᠮᠥᠩᠬᠡ ᠲᠡᠭᠷᠢ ᠶᠢᠨ ᠪᠢᠴᠢᠭ︾᠂ ︽ᠰᠦᠶᠡᠭᠡᠷ︾ ᠤᠯᠤᠰ ᠤᠨ ᠤᠷᠤᠯᠳᠤᠭᠠᠨ ᠤ ᠠᠪᠤᠷᠭᠤ ᠬᠥᠪᠰᠥᠬᠦᠯ ᠠᠶᠢᠮᠠᠭ ᠤᠨ ᠲᠣᠰᠤᠨᠴᠡᠩᠭᠡᠯ ᠰᠤᠮᠤ ᠶᠢᠨ  ᠶᠡᠷᠦᠩᠬᠡᠶ ᠪᠣᠯᠪᠠᠰᠤᠷᠠᠯ ᠤᠨ ᠰᠤᠷᠭᠠᠭᠤᠯᠢ   ᠶᠢᠨ 12B ᠠᠩᠭᠢ ᠶᠢᠨ ᠰᠤᠷᠤᠭᠴᠢ ᠦᠦᠷᠴᠠᠶᠢᠬᠤ ᠶᠢᠨ ᠡᠩᠬᠡᠵᠢᠨ ᠮᠣᠩᠭᠤᠯ ᠤᠯᠤᠰ ᠤᠨ 2022 ᠣᠨ ᠤ ᠣᠨᠴᠠᠯᠠᠬᠤ ᠬᠡᠦᠬᠡᠳ ᠢᠶᠠᠷ ᠰᠢᠯᠭᠠᠷᠠᠯ᠎ᠠ᠃ ᠲᠡᠷᠡ ᠪᠠᠷ  ᠪᠠᠭ᠎ᠠ ᠠᠴᠠ ᠪᠠᠨ ᠮᠣᠩᠭᠤᠯ ᠬᠡᠯᠡ ᠪᠤᠯᠦᠠ ᠳᠦᠷᠰᠦᠯᠡᠬᠦ ᠤᠷᠠᠯᠢᠭ ᠤᠨ ᠬᠢᠴᠢᠶᠡᠯ  ᠳᠦ ᠳᠤᠷᠠᠲᠠᠶ᠂ ᠵᠢᠷᠭᠤᠳᠤᠭᠠᠷ ᠠᠩᠭᠢ ᠠᠴᠠ ᠪᠠᠨ ᠦᠨᠳᠦᠰᠦᠨ ᠤ ᠪᠢᠴᠢᠭ ᠤᠨ ᠬᠢᠴᠢᠶᠡᠯ ᠢ ᠰᠣᠨᠢᠷᠬᠠᠵᠤ ᠮᠣᠩᠭᠤᠯ ᠪᠢᠴᠢᠭ ᠢᠶᠠᠨ ᠰᠤᠳᠤᠯᠬᠤ ᠶᠢᠨ ᠵᠡᠷᠭᠡᠴᠡᠭᠡ ᠪᠢᠷ ᠤᠨ ᠪᠢᠴᠢᠯᠭᠡ ᠪᠠᠷ ᠬᠢᠴᠢᠶᠡᠯᠯᠡᠵᠦ ᠡᠬᠢᠯᠡᠵᠡᠢ᠃
ᠦ᠊ ·ᠡᠩᠬᠡᠵᠢᠨ᠄ ᠪᠢ ᠮᠣᠩᠭᠤᠯ ᠪᠢᠴᠢᠭ ᠢ ᠥᠪᠡᠷ ᠢᠶᠠᠨ ᠰᠤᠷᠴᠤ ᠰᠤᠳᠤᠯᠤᠭᠠᠳ ᠵᠣᠭᠰᠣᠬᠤ ᠦᠭᠡᠢ ᠦᠶ᠎ᠡ  ᠲᠡᠩ  ᠦᠨ ᠬᠢᠨ ᠳᠤ ᠪᠠᠨ  ᠥᠪᠡᠷ ᠤᠨ ᠴᠢᠳᠠᠳᠠᠭ ᠵᠦᠢᠯ ᠢᠶᠠᠨ ᠵᠢᠭᠠᠵᠤ ᠥᠭᠬᠦ ᠶᠢ ᠬᠦᠰᠡᠳᠡᠭ᠃ ᠬᠥᠪᠰᠥᠬᠦᠯ ᠠᠶᠢᠮᠠᠭ ᠤᠨ ᠢᠶᠠᠨ ᠪᠠᠶᠠᠨᠵᠢᠷᠤᠬᠡ᠂ ᠴᠠᠭᠠᠨᠨᠠᠭᠤᠷ᠂ ᠷᠢᠨᠴᠢᠨᠯᠾᠦ᠋ᠮᠪᠤ ᠰᠤᠮᠤ ᠶᠢᠨ ᠰᠤᠷᠭᠠᠭᠤᠯᠢ ᠶᠢᠨ ᠰᠤᠷᠤᠭᠴᠢᠳ᠂ ᠲᠥᠷᠦ ᠶᠢᠨ ᠠᠯᠪᠠᠨ ᠬᠠᠭᠠᠭᠴᠢᠳ ᠨᠡᠶᠢᠲᠡ 200 ᠭᠠᠷᠦᠢ ᠬᠦᠮᠦᠨ ᠳ᠋ᠤ  ᠪᠢᠷ ᠦᠨ ᠪᠢᠴᠢᠯᠭᠡ ᠶᠢᠨ ᠠᠩᠬᠠᠨ ᠱᠠᠲᠤᠨ ᠤ ᠰᠤᠷᠭᠠᠯᠲᠠ ᠵᠣᠬᠢᠶᠠᠨ ᠪᠠᠶᠢᠭᠤᠯᠵᠤ᠂ ᠲᠣᠰᠤᠨᠴᠡᠩᠭᠡᠯ ᠰᠤᠮᠤ ᠶᠢᠨ ᠰᠤᠷᠭᠠᠭᠤᠯᠢ ᠶᠢᠨ ᠢᠶᠠᠨ 1-12  ᠳ᠋ᠤᠭᠠᠷ ᠠᠩᠭᠢ ᠶᠢᠨ 100 ᠭᠠᠷᠦᠢ ᠬᠡᠦᠬᠡᠳ ᠲᠤ ᠵᠣᠷᠢᠭᠤᠯᠤᠨ︽ᠪᠢᠷ ᠤᠨ ᠵᠢᠮ︾ᠳᠤᠭᠤᠶᠢᠯᠠᠩ ᠢ ᠡᠵᠢ ᠲᠠᠢ ᠪᠠᠨ ᠬᠠᠮᠲᠤ ᠬᠢᠴᠢᠶᠡᠯᠯᠡᠭᠦᠯᠵᠦ ᠪᠠᠶᠢᠨ᠎ᠡ ᠭᠡᠪᠡ᠃

ᠰᠡᠳᠬᠢᠭᠳᠡᠯ ᠦᠯᠡᠳᠡᠭᠡᠬᠦ