︽ᠮᠣᠩᠭᠣᠯ ᠤᠨ ᠬᠥᠷᠦᠩᠭᠡ ᠶᠢᠨ ᠪᠢᠷᠵᠢ︾ ᠲᠦᠷᠦ ᠶᠢᠨ ᠦᠮᠴᠢᠲᠤ ᠺᠤᠮᠫᠠᠨᠢ ᠶᠢᠨ ᠨᠡᠶᠢᠲᠡ ᠳᠤ ᠰᠠᠨᠠᠯ ᠪᠣᠯᠭᠠᠨ ᠭᠠᠷᠭᠠᠵᠤ ᠪᠤᠶ ᠦᠨᠡᠲᠦ ᠴᠠᠭᠠᠰᠤᠨ ᠤ ᠠᠩᠬᠠᠳᠠᠭᠴᠢ ᠵᠠᠬ᠎ᠠ ᠵᠡᠭᠡᠯᠢ ᠶᠢᠨ ᠠᠷᠠᠯᠵᠢᠶᠠᠨ ᠤ ᠴᠠᠩ ᠴᠣᠬᠢᠬᠤ ᠶᠣᠰᠣᠯᠠᠯ ᠥᠨᠥᠳᠥᠷ ᠪᠣᠯᠣᠯ᠎ᠠ᠃ ᠶᠣᠰᠣᠯᠠᠯ ᠤᠨ ᠠᠷᠭ᠎ᠠ ᠬᠡᠮᠵᠢᠶᠡᠨ ᠳᠤ ᠰᠠᠩ ᠤᠨ ᠰᠠᠶᠢᠳ ᠪ ∙ ᠵᠢᠪᠬᠤᠯᠠᠩ᠂ ᠰᠠᠩᠬᠦᠦ ᠶᠢᠨ ᠵᠤᠬᠢᠴᠠᠭᠤᠯᠬᠤ ᠬᠤᠷᠢᠶᠠᠨ ᠤ ᠳᠠᠷᠤᠭ᠎ᠠ ᠳ᠋᠊ · ᠪᠠᠶᠠᠷᠰᠠᠶᠢᠬᠠᠨ᠂ ᠲᠥᠷᠦ ᠶᠢᠨ ᠥᠮᠴᠢ ᠶᠢᠨ ᠪᠣᠳᠤᠯᠭ᠎ᠠ ᠵᠣᠬᠢᠴᠠᠭᠤᠯᠤᠯᠲᠠ ᠶᠢ ᠭᠠᠵᠠᠷ ᠤᠨ ᠳᠠᠷᠤᠭ᠎ᠠ ᠪ ∙ ᠴᠡᠩᠭᠡᠯ᠂ ︽ᠮᠣᠩᠭᠣᠯ ᠤᠨ ᠬᠥᠷᠦᠩᠭᠡ ᠶᠢᠨ ᠪᠢᠷᠵᠢ︾ ᠶᠢᠨ ᠭᠦᠢᠴᠡᠳᠬᠡᠬᠦ ᠵᠠᠬᠢᠷᠤᠯ ᠬ᠊ · ᠠᠯᠲᠠᠢ ᠪᠤᠯᠦᠠ ᠬᠤᠯᠪᠦᠬᠳᠡᠬᠤ ᠪᠤᠰᠤᠳ ᠬᠥᠮᠥᠰ ᠣᠷᠣᠯᠴᠠᠯ᠎ᠠ᠃
ᠡᠨᠡ ᠣᠨ ᠳᠤ ᠤᠯᠤᠰ ᠤᠨ ᠶᠡᠭᠡ ᠬᠤᠷᠠᠯ ᠠᠴᠠ︽ᠲᠥᠷᠦ ᠶᠢᠨ ᠥᠮᠴᠢᠲᠦ ᠬᠠᠤᠯᠢ ᠶᠢᠨ ᠡᠲᠡᠭᠡᠳ ᠤᠨ ᠬᠤᠪᠢᠴᠠᠭ᠎ᠠ ᠶᠢ 2022-2023 ᠣᠨ ᠳᠤ ᠪᠢᠷᠵᠢ ᠪᠠᠷ ᠣᠯᠠᠨ ᠨᠡᠶᠢᠲᠡ ᠳᠤ ᠨᠡᠭᠡᠭᠡᠯᠲᠡ ᠲᠠᠢ ᠬᠤᠳᠠᠯᠳᠤᠬᠤ ᠦᠨᠳᠦᠰᠦᠨ ᠴᠢᠭᠯᠡᠯ︾ ᠪᠠᠲᠤᠯᠠᠭᠰᠠᠨ ᠃ ᠡᠨᠡ ᠬᠦᠷᠢᠶᠡᠨ ᠳᠤ ᠲᠥᠷᠦ ᠶᠢᠨ ᠥᠮᠴᠢᠲᠦ ᠺᠣᠮᠫᠠᠨᠢ ᠨᠤᠭᠤᠳ ᠤᠨ ᠬᠤᠪᠢᠴᠢᠯᠠᠯ ᠤᠨ ᠦᠶᠯᠡ ᠠᠵᠢᠯᠯᠠᠭ᠎ᠠ ᠶᠢ ︽ᠮᠣᠩᠭᠣᠯ ᠤᠨ ᠬᠥᠷᠦᠩᠭᠡ ᠶᠢᠨ ᠪᠢᠷᠵᠢ︾ᠡᠬᠢᠯᠡᠭᠦᠯᠵᠦ ᠬᠤᠪᠢᠴᠠᠭᠠᠨ ᠤ ᠪᠠᠨ 34 ᠬᠤᠪᠢ ᠶᠢ ᠣᠯᠠᠨ ᠨᠡᠶᠢᠲᠡ ᠳᠤ ᠰᠠᠨᠠᠯ ᠪᠣᠯᠭᠠᠵᠤ ᠨᠡᠶᠢᠲᠡ 11.9 ᠲᠡᠷᠪᠤᠮ ᠲᠥᠭᠦᠷᠢᠭ ᠢ ᠲᠠᠲᠠᠨ ᠲᠥᠪᠯᠡᠷᠡᠭᠦᠯᠬᠦ ᠪᠠᠷ ᠲᠥᠯᠥᠪᠯᠡᠭᠡᠳ ᠪᠠᠶᠢᠨ᠎ᠡ᠃