ᠮᠣᠩᠭᠤᠯ ᠤᠯᠤᠰ ᠤᠨ ᠵᠠᠰᠠᠭ ᠤᠨ ᠭᠠᠵᠠᠷ᠂ ᠪᠦᠬᠦᠳᠠ ᠨᠠᠶᠢᠷᠠᠮᠳᠠᠬᠤ ᠪᠤᠯᠭᠠᠷᠢᠶ᠎ᠠ ᠤᠯᠤᠰ ᠤᠨ ᠵᠠᠰᠠᠭ ᠤᠨ ᠭᠠᠵᠠᠷ ᠬᠤᠭᠤᠷᠤᠨᠳᠤ ᠶᠢᠨ ᠰᠤᠶᠦᠯ᠂ ᠪᠣᠯᠪᠠᠰᠤᠷᠠᠯ᠂ ᠰᠢᠨᠵᠢᠯᠡᠬᠦ ᠤᠬᠠᠭᠠᠨ ᠤ ᠰᠠᠯᠪᠤᠷᠢ ᠳᠤ ᠬᠠᠮᠲᠤᠷᠠᠨ ᠠᠵᠢᠯᠯᠠᠬᠤ ᠬᠦᠲᠦᠯᠪᠦᠷᠢ ᠳᠤ ᠮᠣᠩᠭᠤᠯ ᠤᠯᠤᠰ ᠠᠴᠠ ᠪᠦᠬᠦᠳᠠ ᠨᠠᠶᠢᠷᠠᠮᠳᠠᠬᠤ ᠪᠣᠯᠭᠠᠷᠢᠶ᠎ᠠ ᠤᠯᠤᠰ ᠲᠤ ᠰᠠᠭᠤᠭ᠎ᠠ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠯ᠊ ·ᠰᠠᠶᠠᠨᠠ᠂ ᠪᠤᠯᠭᠠᠷᠢᠶ᠎ᠠ ᠤᠯᠤᠰ ᠤᠨ ᠰᠣᠶᠤᠯ ᠤᠨ ᠰᠠᠶᠢᠳ ᠸ᠊·ᠮᠢᠨᠧᠺᠤᠪ ᠨᠠᠷ ᠰᠣᠹᠢ ᠬᠤᠲᠠᠨ᠎ᠠ ᠡᠨᠡ ᠰᠠᠷ᠎ᠠ ᠶᠢᠨ 21 ᠳᠤ ᠭᠠᠷ ᠤᠨ ᠦᠰᠦᠭ ᠵᠢᠷᠤᠪᠠ᠃
ᠬᠦᠲᠦᠯᠪᠦᠷᠢ ᠳᠤ ᠬᠤᠶᠠᠷ ᠣᠷᠣᠨ ᠤ ᠰᠤᠶᠦᠯ᠂ ᠪᠣᠯᠪᠠᠰᠤᠷᠠᠯ᠂ ᠰᠢᠨᠵᠢᠯᠡᠬᠦ ᠤᠬᠠᠭᠠᠨ ᠤ ᠰᠠᠯᠪᠤᠷᠢ ᠳᠠᠬᠢ ᠬᠠᠮᠲᠤ ᠶᠢᠨ ᠠᠵᠢᠯᠯᠠᠭᠠᠨ ᠤ ᠦᠨᠳᠦᠰᠦᠨ ᠵᠠᠷᠴᠢᠮ ᠤᠳ ᠢ ᠲᠤᠰᠬᠠᠭᠰᠠᠨ ᠪᠥᠭᠡᠳ 5 ᠵᠢᠯ ᠤᠨ ᠬᠤᠭᠤᠴᠠᠭᠠᠨ ᠳᠤ ᠬᠡᠷᠡᠭᠵᠢᠨ᠎ᠡ᠃ ᠲᠤᠬᠠᠶᠢᠯᠠᠪᠠᠯ᠂ ᠵᠢᠯ ᠪᠦᠷᠢ ᠪᠠᠺᠠᠯᠠᠸ᠋ᠷ ᠪᠤᠯᠦᠠ ᠳ᠋ᠣᠺᠲ᠋ᠣᠷ ᠤᠨ ᠲᠦᠪᠰᠢᠨ ᠤ ᠲᠤᠰ ᠪᠦᠷᠢ ᠨᠢᠭᠡ ᠠᠴᠠ ᠳᠣᠭᠤᠭᠰᠢ ᠦᠭᠡᠶ ᠣᠶᠤᠲᠠᠨ ᠢ ᠬᠠᠷᠢᠯᠴᠠᠨ ᠰᠣᠯᠢᠯᠴᠠᠵᠤ᠂ ᠠᠨᠠᠭᠠᠬᠤ ᠤᠬᠠᠭᠠᠨ᠂ ᠳᠦᠷᠰᠦᠯᠡᠬᠦ ᠤᠷᠠᠯᠢᠭ᠂ ᠪᠡᠶ᠎ᠡ ᠶᠢᠨ ᠲᠠᠮᠢᠷ ᠤᠨ ᠶᠡᠭᠡ᠂ ᠲᠡᠭᠡᠳᠦ ᠰᠤᠷᠭᠠᠭᠤᠯᠢ ᠠᠴᠠ ᠪᠤᠰᠤᠳ ᠪᠦᠷᠢᠠ ᠬᠤᠭᠤᠴᠠᠭᠠᠨ ᠤ ᠰᠤᠷᠭᠠᠯᠲᠠ ᠳᠤ ᠵᠠᠰᠠᠭ ᠤᠨ ᠭᠠᠵᠠᠷ ᠤᠨ ᠲᠡᠳᠬᠦᠯᠭᠡ ᠲᠠᠢ ᠪᠠᠷ ᠬᠠᠮᠤᠷᠤᠭᠤᠯᠬᠤ ᠶᠤᠮ᠃
ᠬᠢᠯᠢ ᠶᠢᠨ 15 ᠻᠢᠯᠣᠮᠧᠲᠷ ᠳᠣᠲᠤᠷᠠᠬᠢ ᠭᠠᠵᠠᠷ ᠢ ᠤᠯᠤᠰ ᠤᠨ ᠲᠤᠰᠬᠠᠶ ᠬᠡᠷᠡᠭᠴᠡᠭᠡᠨ ᠳᠤ ᠠᠪᠤᠯ᠎ᠠ
︽ᠤᠯᠤᠰ ᠤᠨ ᠬᠢᠯᠢ ᠶᠢᠨ ᠵᠤᠷᠪᠦᠰ ᠭᠠᠵᠠᠷ ᠢ ᠲᠣᠭᠲᠠᠭᠠᠵᠤ᠂ ᠤᠯᠤᠰ ᠤᠨ ᠲᠤᠰᠬᠠᠶ ᠬᠡᠷᠡᠭᠴᠡᠭᠡᠨ ᠳᠤ ᠠᠪᠬᠤ ᠲᠤᠬᠠᠶ︾ᠤᠯᠤᠰ ᠤᠨ ᠶᠡᠭᠡ ᠬᠤᠷᠠᠯ ᠤᠨ ᠲᠣᠭᠲᠠᠭᠠᠯ ᠪᠠᠲᠤᠯᠠᠭᠳᠠᠭᠰᠠᠨ ᠲᠠᠢ ᠬᠤᠯᠪᠤᠭᠳᠠᠭᠤᠯᠤᠨ ᠭᠡᠰᠢᠭᠦᠳ ᠥᠨᠥᠳᠥᠷ ᠮᠡᠳᠡᠭᠡᠯᠡᠯ ᠥᠭᠭᠦᠯ᠎ᠡ᠃
ᠡᠨᠡ ᠦᠶ᠎ᠡ ᠪᠠᠷ ᠤᠯᠤᠰ ᠤᠨ ᠶᠡᠭᠡ ᠬᠤᠷᠠᠯ ᠤᠨ ᠭᠡᠰᠢᠭᠦᠨ ᠪ∙ᠡᠩᠬᠡ ᠠᠮᠦᠭᠤᠯᠡᠩ ᠲᠠᠶᠢᠯᠪᠤᠷᠢ ᠬᠢᠪᠡ᠃ ᠲᠡᠷᠡ ᠪᠠᠷ᠄ ᠬᠢᠯᠢ ᠶᠢᠨ ᠪᠦᠰᠡ ᠶᠢᠨ ᠵᠤᠷᠪᠦᠰ ᠭᠠᠵᠠᠷ ᠢ ᠤᠯᠤᠰ ᠤᠨ ᠲᠤᠰᠬᠠᠶ ᠬᠡᠷᠡᠭᠴᠡᠭᠡᠨ ᠳᠤ ᠠᠪᠬᠤ ᠲᠣᠭᠲᠠᠭᠠᠯ ᠨᠢᠭᠤᠴᠠ ᠶᠢᠨ ᠵᠡᠷᠭᠡᠯᠡᠯ ᠲᠠᠢ ᠣᠷᠣᠵᠤ ᠢᠷᠡᠭᠰᠡᠨ᠃ ᠮᠣᠩᠭᠤᠯ ᠤᠯᠤᠰ ᠤᠨ ᠬᠢᠯᠢ ᠶᠢᠨ ᠪᠦᠰᠡ ᠶᠢ ᠨᠠᠰᠢ ᠨᠢ ᠲᠠᠲᠠᠭᠰᠠᠨ ᠪᠤᠶᠤ ᠳᠠᠬᠢᠨ ᠥᠭᠡᠷᠡᠴᠢᠯᠡᠬᠦ ᠠᠰᠠᠭᠤᠳᠠᠯ ᠪᠠᠶᠢᠬᠤ ᠦᠭᠡᠶ᠃ ᠤᠷᠲᠤ ᠬᠢᠯᠢ ᠪᠠᠨ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠪᠠᠷ ᠪᠠᠲᠤᠯᠠᠭᠠᠵᠢᠭᠤᠯᠤᠭᠰᠠᠨ ᠤᠴᠢᠷ ᠬᠢᠯᠢ ᠶᠢᠨ ᠲᠣᠣᠷ᠂ ᠪᠠᠭᠠᠨ᠎ᠠ᠂ ᠺᠣᠣᠷᠳᠢᠨᠠᠲ ᠬᠥᠳᠡᠯᠬᠦ ᠶᠡᠮᠡᠷ ᠴᠤ ᠠᠰᠠᠭᠤᠳᠠᠯ ᠪᠠᠶᠢᠬᠤ ᠦᠭᠡᠢ ᠶᠢ ᠬᠠᠷᠢᠭᠤᠴᠠᠯᠭᠠᠲᠠᠢ ᠪᠠᠷ ᠮᠡᠳᠡᠭᠳᠡᠵᠦ ᠪᠠᠶᠢᠨ᠎ᠡ᠃ ᠬᠢᠯᠢ ᠶᠢᠨ ᠪᠦᠰᠡ ᠶᠢ ᠬᠥᠳᠡᠯᠭᠡᠵᠦ ᠠᠰᠢᠭᠲᠤ ᠮᠠᠯᠲᠠᠮᠠᠯ ᠤᠨ ᠯᠢᠼᠧᠨ᠋ᠽ ᠠᠪᠬᠤ ᠭᠡᠳ ᠪᠤᠶ ᠠᠰᠠᠭᠤᠳᠠᠯ ᠪᠠᠶᠢᠬᠤ ᠦᠭᠡᠶ᠃
ᠣᠷᠣᠨ ᠨᠤᠲᠤᠭ ᠤᠨ ᠡᠷᠭᠡ ᠮᠡᠳᠡᠯ ᠪᠦᠬᠦᠢ ᠳᠠᠷᠤᠭ᠎ᠠ ᠨᠠᠷ ᠬᠢᠯᠢ ᠶᠢᠨ ᠪᠦᠰᠡ ᠤᠷᠤᠭᠤ ᠲᠡᠯᠡᠵᠦ ᠭᠠᠵᠠᠷ ᠣᠯᠭᠤᠭᠰᠠᠨ᠂ ᠰᠠᠭᠤᠷᠢᠰᠢᠯ ᠤᠨ ᠪᠤᠰᠤ ᠪᠦᠰᠡ ᠪᠤᠢ ᠪᠤᠯᠭᠠᠭᠰᠠᠨ ᠠᠰᠠᠭᠤᠳᠠᠯ ᠤᠳ ᠪᠠᠶᠢᠭ᠎ᠠ᠃ ᠬᠢᠯᠢ ᠶᠢᠨ 15 ᠺᠢᠯᠣᠮᠧᠲᠷ ᠳᠣᠲᠤᠷᠠᠬᠢ ᠭᠠᠵᠠᠷ ᠢ ᠤᠯᠤᠰ ᠤᠨ ᠲᠤᠰᠬᠠᠶ ᠬᠡᠷᠡᠭᠴᠡᠭᠡᠨ ᠳᠤ ᠠᠪᠴᠤ ᠪᠠᠶᠢᠭ᠎ᠠ ᠶᠤᠮ ᠭᠡᠯᠡ᠃