ᠪᠦᠭᠦᠳᠡ ᠨᠠᠢᠷᠠᠮᠳᠠᠬᠤ ᠰᠤᠯᠤᠩᠭᠤᠰ ᠤᠯᠤᠰ ᠲᠤ ᠵᠣᠬᠢᠶᠠᠨ ᠪᠠᠶᠢᠭᠤᠯᠵᠤ ᠪᠤᠢ ᠵᠡᠭᠦᠨ ᠠᠽᠢᠶ᠎ᠠ ᠶᠢᠨ ᠴᠣᠮᠣ ᠶᠢᠨ ᠲᠡᠮᠡᠴᠡᠭᠡᠨ ᠳᠦ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠡ᠊∙ᠠᠷᠢᠭᠤᠨᠲᠤᠩᠭᠠᠯᠠᠭ ᠠᠮᠵᠢᠯᠲᠠ ᠲᠠᠢ ᠣᠷᠣᠯᠴᠠᠯ᠎ᠠ᠃ ᠲᠡᠷᠡ 5 ᠺᠢᠯᠣᠮᠧᠲ᠋ᠷ《ᠰ》ᠲᠧᠭᠨᠢᠭ ᠢᠶᠡᠷ ᠤᠷᠤᠯᠳᠤᠭᠰᠠᠨ ᠲᠠᠪᠤᠨ ᠣᠷᠣᠨ ᠤ ᠡᠮᠡᠭᠲᠡᠢ 20 ᠲᠠᠮᠢᠷᠴᠢᠨ ᠠᠴᠠ ᠲᠠᠪᠤᠳᠤᠭᠠᠷ ᠪᠠᠶᠢᠷᠢ ᠡᠵᠡᠯᠡᠨ 86.88 ᠣᠨᠣᠭ᠎ᠠ ᠠᠪᠤᠯ᠎ᠠ᠃
ᠡᠨᠡ ᠨᠢ ᠮᠣᠩᠭᠣᠯ ᠤᠨ ᠴᠠᠨᠠᠴᠢᠨ ᠡᠮᠡᠭᠲᠡᠶᠢᠴᠦᠳ ᠡᠴᠡ ᠬᠠᠮᠤᠭ ᠤᠨ ᠬᠠᠮᠤᠭ ᠤᠨ ᠥᠨᠳᠦᠷ ᠠᠮᠵᠢᠯᠲᠠ ᠦᠵᠡᠭᠦᠯᠵᠦ ᠬᠠᠮᠤᠭ ᠤᠨ ᠥᠨᠳᠦᠷ ᠣᠨᠣᠭ᠎ᠠ ᠶᠢ ᠠᠪᠴᠤ ᠪᠠᠶᠢᠭ᠎ᠠ ᠠᠩᠬᠠᠨ ᠤ ᠲᠣᠬᠢᠶᠠᠯᠳᠤᠯ ᠶᠤᠮ᠃ ᠡᠷᠡᠭᠲᠡᠶᠢᠴᠦᠳ ᠦᠨ 10 ᠺᠢᠯᠣᠮᠧᠲ᠋ᠷ 《ᠰ》 ᠲᠧᠭᠨᠢᠭ ᠢᠶᠡᠷ 41 ᠲᠠᠮᠢᠷᠴᠢᠨ ᠤᠷᠤᠯᠳᠤᠭᠰᠠᠨ ᠠᠴᠠ ᠪ∙ᠠᠴᠢᠪᠠᠳᠠᠷᠠᠬᠤ ᠳᠤᠯᠤᠳᠤᠭᠠᠷ ᠪᠠᠶᠢᠷᠢ ᠡᠵᠡᠯᠡᠨ 93 ᠣᠨᠣᠭ᠎ᠠ ᠠᠪᠴᠤ᠂ ᠤᠯᠠᠷᠢᠯ ᠤᠨ ᠡᠬᠢᠨ ᠦ ᠭᠠᠷᠤᠭ᠎ᠠ ᠪᠠᠨ ᠥᠨᠳᠥᠷ ᠣᠨᠣᠭ᠎ᠠ ᠪᠠᠷ ᠡᠬᠢᠯᠡᠭᠦᠯᠦᠯ᠎ᠡ᠃