ᠳᠡᠯᠡᠬᠡᠢ ᠶᠢᠨ ᠠᠯᠳᠠᠷᠲᠤ 《Louis Vuitton》 ᠪᠷᠡᠨᠳ᠋ ᠮᠣᠩᠭᠣᠯ ᠭᠡᠷ ᠢ ᠣᠨᠴᠠᠯᠠᠵᠠᠢ | News.MN

ᠳᠡᠯᠡᠬᠡᠢ ᠶᠢᠨ ᠠᠯᠳᠠᠷᠲᠤ 《Louis Vuitton》 ᠪᠷᠡᠨᠳ᠋ ᠮᠣᠩᠭᠣᠯ ᠭᠡᠷ ᠢ ᠣᠨᠴᠠᠯᠠᠵᠠᠢ

ᠰᠸᠢᠰ ᠤᠨ ᠠᠭᠤᠯᠠᠷᠬᠠᠭ ᠨᠤᠲᠤᠭ ᠳᠠᠬᠢ ᠰᠧᠨᠲ ᠮᠣᠷᠢᠼ ᠠᠮᠠᠷᠠᠯᠲᠠ ᠶᠢᠨ ᠭᠠᠵᠠᠷ ᠲᠤ ᠳᠡᠯᠡᠬᠡᠢ ᠶᠢᠨ ᠠᠯᠳᠠᠷᠲᠤ《Louis Vuitton》ᠪᠷᠡᠨᠳ᠋ ᠫᠣᠫ  ᠠᠷᠲ ᠳᠡᠯᠭᠡᠭᠦᠷ ᠨᠡᠭᠡᠭᠡᠵᠡᠢ᠃ ᠤᠭ ᠳᠡᠯᠭᠡᠭᠦᠷ ᠢ ᠨᠡᠭᠦᠳᠡᠯᠴᠢᠨ ᠠᠷᠠᠳ ᠲᠦᠮᠡᠨ ᠦ ᠤᠯᠠᠮᠵᠢᠯᠠᠯᠲᠤ ᠶᠣᠰᠣ  ᠶᠢ ᠰᠢᠩᠭᠡᠭᠡᠵᠦ᠂ ᠪᠠᠶᠢᠰᠢᠩ ᠬᠡᠯᠪᠡᠷᠢ ᠪᠡᠷ ᠪᠦᠲᠦᠭᠡᠭᠰᠡᠨ  ᠨᠢ ᠮᠣᠩᠭᠣᠯ ᠭᠡᠷ ᠦᠨ ᠭᠠᠳᠠᠭᠠᠳᠤ ᠪᠣᠯᠤᠨ ᠳᠣᠲᠣᠭᠠᠳᠤ ᠦᠵᠡᠮᠵᠢ ᠶᠢ ᠣᠨᠴᠠᠯᠠᠨ ᠬᠠᠷᠠᠭᠤᠯᠵᠤ᠂ ᠬᠡᠪ ᠮᠠᠶ᠋ᠢᠭ ᠢ ᠲᠣᠳᠣᠳᠬᠠᠵᠤ ᠥᠭᠴᠡᠢ᠃
LV  ᠦᠨ ᠳᠡᠯᠭᠡᠭᠦᠷ ᠦᠳ ᠵᠥᠪᠬᠡᠨ ᠲᠣᠮᠣ ᠬᠤᠳᠠᠯᠳᠤᠭᠠᠨ ᠤ ᠳᠡᠯᠭᠡᠭᠦᠷ ᠦᠳ ᠡᠰᠡᠪᠡᠯ ᠯᠢᠦ᠋ᠺᠰ ᠵᠡᠷᠭᠡᠯᠡᠯ ᠦᠨ ᠬᠤᠳᠠᠯᠳᠤᠭᠠᠨ ᠤ ᠲᠥᠪ ᠦᠳ ᠲᠦ ᠪᠠᠶᠢᠷᠢᠯᠠᠳᠠᠭ᠃ ᠮᠥᠨ ᠵᠠᠷᠢᠮ ᠪᠠᠷᠠᠭ᠎ᠠ ᠪᠦᠲᠦᠭᠡᠭᠳᠡᠬᠦᠨ ᠨᠢ ᠵᠥᠪᠬᠡᠨ ᠸᠸᠪ ᠬᠠᠷᠢᠯᠴᠠᠭᠴᠢᠳ ᠲᠤ ᠬᠤᠳᠠᠯᠳᠤᠭᠠᠯᠠᠬᠤ ᠵᠣᠷᠢᠭᠤᠯᠤᠯᠲᠠ ᠲᠠᠢ ᠶᠤᠮ᠃

ᠰᠡᠳᠬᠢᠭᠳᠡᠯ ᠦᠯᠡᠳᠡᠭᠡᠬᠦ