ᠴᠣᠭᠲᠤ-ᠣᠪᠣᠭ᠎ᠠ ᠰᠤᠮᠤ ᠶᠢᠨ ᠰᠤᠷᠭᠠᠭᠤᠯᠢ ᠳᠤ ᠮᠣᠩᠭᠣᠯ ᠪᠢᠴᠢᠭ ᠦᠨ ᠪᠦᠲᠦᠭᠡᠯ ᠬᠠᠨᠳᠢᠪᠯᠠᠯ᠎ᠠ | News.MN

ᠴᠣᠭᠲᠤ-ᠣᠪᠣᠭ᠎ᠠ ᠰᠤᠮᠤ ᠶᠢᠨ ᠰᠤᠷᠭᠠᠭᠤᠯᠢ ᠳᠤ ᠮᠣᠩᠭᠣᠯ ᠪᠢᠴᠢᠭ ᠦᠨ ᠪᠦᠲᠦᠭᠡᠯ ᠬᠠᠨᠳᠢᠪᠯᠠᠯ᠎ᠠ

︽ᠮᠣᠩᠭᠣᠯ ᠤᠨ ᠴᠠᠬᠢᠯᠭᠠᠨ ᠮᠡᠳᠡᠭᠡ︾ᠠᠭᠧᠨᠲᠯᠢᠭ ᠠᠴᠠ ᠦᠨᠳᠦᠰᠦᠨ ᠦ ᠮᠣᠩᠭᠣᠯ ᠪᠢᠴᠢᠭ ᠢᠶᠡᠷ ᠡᠷᠬᠢᠯᠡᠨ ᠭᠠᠷᠭᠠᠳᠠᠭ《ᠬᠥᠮᠥᠨ ᠪᠢᠴᠢᠭ》ᠰᠣᠨᠢᠨ ᠤ 30᠂《ᠮᠣᠩᠭᠣᠯ ᠤᠨ ᠰᠠᠶᠢᠬᠠᠨ ᠪᠢᠴᠢᠭᠲᠡᠨ》ᠤᠯᠤᠰ ᠤᠨ ᠤᠷᠤᠯᠳᠤᠭᠠᠨ ᠤ 25 ᠵᠢᠯ ᠦᠨ ᠣᠢ ᠡᠨᠡ ᠣᠨ ᠳᠤ ᠲᠣᠬᠢᠶᠠᠵᠤ ᠪᠠᠶᠢᠨ᠎ᠠ᠃ ᠣᠢ ᠶᠢ ᠤᠭᠲᠤᠨ ᠨᠡᠶᠢᠰᠯᠡᠯ ᠦᠨ ᠳᠡᠭᠦᠷᠭᠡ ᠨᠦᠭᠦᠳ ᠪᠣᠯᠤᠨ 21 ᠠᠶᠢᠮᠠᠭ ᠤᠨ ᠵᠠᠷᠢᠮ ᠰᠤᠷᠭᠠᠭᠤᠯᠢ᠂ ᠠᠯᠪᠠᠨ ᠪᠠᠶᠢᠭᠤᠯᠤᠯᠭ᠎ᠠ ᠳᠤ ᠦᠨᠳᠦᠰᠦᠨ ᠦ ᠪᠢᠴᠢᠭ ᠢᠶᠡᠷ ᠢᠶᠡᠨ ᠣᠷᠴᠢᠨ ᠪᠦᠷᠢᠳᠦᠭᠦᠯᠦᠨ᠂ ᠠᠩᠭᠢ ᠲᠠᠩᠬᠢᠮ ᠢᠶᠠᠨ ᠲᠣᠬᠢᠵᠢᠭᠤᠯᠬᠤ ᠳᠤ ᠨᠢ ᠵᠣᠷᠢᠭᠤᠯᠤᠨ 《ᠮᠣᠩᠭᠣᠯ ᠤᠨ ᠰᠠᠶᠢᠬᠠᠨ ᠪᠢᠴᠢᠭᠲᠡᠨ》ᠤᠯᠤᠰ ᠤᠨ ᠤᠷᠤᠯᠳᠤᠭᠠᠨ ᠤ ᠪᠦᠲᠦᠭᠡᠯ ᠡᠴᠡ ᠬᠠᠨᠳᠢᠪᠯᠠᠬᠤ ᠠᠶᠠᠨ ᠢ ᠡᠬᠢᠯᠡᠭᠦᠯᠦᠭᠰᠡᠨ᠃
ᠣᠳᠣ ᠪᠠᠷ ᠤᠯᠤᠰ ᠤᠨ ᠬᠡᠮᠵᠢᠶᠡᠨ ᠳᠦ 20 ᠭᠠᠷᠤᠢ ᠰᠤᠷᠭᠠᠭᠤᠯᠢ᠂ ᠪᠠᠶᠢᠭᠤᠯᠤᠯᠭ᠎ᠠ ᠳᠤ 348 ᠪᠦᠲᠦᠭᠡᠯ ᠢ ᠬᠠᠨᠳᠢᠪᠯᠠᠭᠠᠳ ᠪᠠᠶᠢᠨ᠎ᠠ᠃ ᠳᠡᠭᠡᠷᠡᠬᠢ ᠠᠶᠠᠨ ᠤ ᠬᠦᠷᠢᠶᠡᠨ ᠳᠦ ᠡᠮᠦᠨᠡᠭᠣᠪᠢ ᠠᠶᠢᠮᠠᠭ ᠤᠨ ᠴᠣᠭᠲᠤ-ᠣᠪᠣᠭ᠎ᠠ ᠰᠤᠮᠤ ᠶᠢᠨ ᠶᠢᠰᠦᠨ ᠵᠢᠯ ᠦᠨ ᠳᠤᠮᠳᠠᠳᠤ ᠰᠤᠷᠭᠠᠭᠤᠯᠢ ᠳᠤ 20 ᠪᠦᠲᠦᠭᠡᠯ ᠬᠠᠨᠳᠢᠪᠯᠠᠭᠰᠠᠨ ᠢ ᠮᠣᠩᠭᠣᠯ ᠬᠡᠯᠡᠨ ᠦ ᠠᠩᠬᠢ ᠶᠢᠨ ᠬᠠᠮᠲᠤ ᠣᠯᠠᠨ ᠬᠦᠯᠢᠶᠡᠨ ᠠᠪᠴᠤ ᠲᠣᠬᠢᠵᠢᠭᠤᠯᠵᠠᠢ᠃

ᠰᠡᠳᠬᠢᠭᠳᠡᠯ ᠦᠯᠡᠳᠡᠭᠡᠬᠦ