ᠠᠮᠧᠷᠢᠺᠠ ᠶᠢᠨ ᠡᠯᠴᠢᠨ ᠰᠠᠶᠢᠳ ᠲᠤ︽ᠰᠤᠶᠦᠯ ᠮᠡᠳᠡᠭᠡᠯᠡᠯ ᠤᠨ ᠲᠥᠪ︾ᠪᠠᠶᠢᠭᠤᠯᠬᠤ ᠰᠠᠨᠠᠯ ᠲᠠᠯᠪᠢᠯ᠎ᠠ | News.MN

ᠠᠮᠧᠷᠢᠺᠠ ᠶᠢᠨ ᠡᠯᠴᠢᠨ ᠰᠠᠶᠢᠳ ᠲᠤ︽ᠰᠤᠶᠦᠯ ᠮᠡᠳᠡᠭᠡᠯᠡᠯ ᠤᠨ ᠲᠥᠪ︾ᠪᠠᠶᠢᠭᠤᠯᠬᠤ ᠰᠠᠨᠠᠯ ᠲᠠᠯᠪᠢᠯ᠎ᠠ

ᠠᠮᠧᠷᠢᠺᠠ ᠠᠴᠠ ᠮᠣᠩᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠷᠢᠴᠠᠷᠳ᠋ ᠪᠤᠩᠭᠠᠨ ᠣᠷᠬᠤᠨ ᠠᠶᠢᠮᠠᠭ ᠲᠤ ᠠᠢᠯᠴᠢᠯᠠᠯ᠎ᠠ᠃ ᠲᠡᠭᠦᠨ ᠤ  ᠡᠨᠡ ᠬᠦ ᠠᠵᠢᠯ ᠤᠨ ᠠᠶᠢᠯᠴᠢᠯᠠᠯ ᠨᠢ ᠡᠯᠴᠢᠨ ᠰᠠᠶᠢᠳ ᠢᠶᠠᠷ ᠲᠣᠮᠢᠯᠠᠭᠳᠠᠭᠰᠠᠨ ᠠᠴᠠ ᠬᠤᠶᠢᠰᠢ ᠣᠷᠣᠨ ᠨᠤᠲᠤᠭ ᠲᠤ ᠬᠢᠵᠦ ᠪᠤᠶ ᠠᠩᠬᠠᠨ ᠤ ᠬᠢ ᠶᠤᠮ᠃
ᠵᠠᠰᠠᠭ ᠳᠠᠷᠤᠭ᠎ᠠ ᠰ᠊ ·ᠪᠠᠲᠤᠵᠢᠷᠭᠠᠯ ᠠᠭᠤᠯᠵᠠᠯᠲᠠ ᠪᠠᠷ ᠬᠡᠳᠦ ᠬᠡᠳᠦᠨ ᠴᠢᠭᠯᠡᠯ ᠢᠶᠠᠷ ᠬᠠᠮᠲᠤᠷᠠᠨ ᠠᠵᠢᠯᠯᠠᠬᠤ ᠬᠦᠰᠡᠯᠲᠡ ᠪᠠᠨ  ᠢᠯᠡᠷᠬᠡᠢᠯᠡᠪᠡ᠃ ᠡᠭᠦᠨ ᠳᠤ᠂  ᠠᠮᠧᠷᠢᠺᠠ ᠶᠢᠨ ᠰᠤᠶᠦᠯ᠂ ᠮᠡᠳᠡᠭᠡᠯᠡᠯ ᠤᠨ ᠲᠥᠪ ᠢ ᠪᠠᠶᠢᠭᠤᠯᠬᠤ᠂ ᠰᠠᠶᠢᠨ ᠳᠤᠷ᠎ᠠ ᠶᠢᠨ ᠠᠵᠢᠯᠲᠠᠳ ᠢ ᠣᠷᠣᠨ ᠨᠤᠲᠤᠭ ᠲᠤ ᠪᠠᠨ ᠢᠷᠡᠭᠦᠯᠬᠦ᠂ ᠰᠤᠷᠤᠭᠴᠢ᠂ ᠣᠶᠤᠲᠠᠨ ᠰᠣᠯᠢᠯᠴᠠᠭ᠎ᠠ ᠶᠢ ᠡᠷᠳᠡᠨᠢᠲᠦ ᠲᠠᠢ ᠬᠤᠯᠪᠣᠨ ᠬᠡᠷᠡᠭᠵᠢᠭᠦᠯᠬᠦ ᠬᠦᠰᠡᠯᠲᠡ ᠪᠠᠨ ᠢᠯᠡᠷᠬᠡᠶᠢᠯᠡᠬᠦ ᠳᠤ ᠡᠯᠴᠢᠳ ᠰᠠᠶᠢᠳ  ᠪᠦᠬᠦᠢᠯᠡ ᠲᠠᠯ᠎ᠠ ᠪᠠᠷ ᠬᠠᠮᠲᠤᠷᠠᠵᠤ᠂ ᠳᠡᠮᠵᠢᠵᠦ ᠠᠵᠢᠯᠯᠠᠬᠤ ᠪᠠᠨ ᠢᠯᠡᠷᠬᠡᠶᠢᠯᠡᠭᠰᠡᠨ ᠶᠤᠮ᠃
ᠷᠢᠴᠠᠷᠳ᠋ ᠪᠤᠩᠭᠠᠨ ᠠᠶᠢᠮᠠᠭ ᠤᠨ ᠤᠳᠤᠷᠢᠳᠤᠯᠭ᠎ᠠ ᠨᠠᠷ ᠢ ᠬᠦᠯᠢᠶᠡᠨ ᠠᠪᠴᠤ ᠠᠭᠤᠯᠵᠠᠭᠰᠠᠨ ᠳᠤ ᠲᠠᠯᠠᠷᠬᠠᠯ ᠢᠯᠡᠷᠬᠡᠶᠢᠯᠡᠨ᠂ ᠡᠷᠳᠡᠨᠢᠲᠦ ᠬᠤᠲᠠ ᠲᠠᠢ ᠬᠠᠮᠲᠤ ᠶᠢᠨ ᠠᠵᠢᠯᠯᠠᠭᠠᠨ ᠤ ᠥᠷᠭᠡᠨ ᠪᠣᠯᠤᠮᠵᠢ᠂ ᠲᠡᠭᠦᠨ ᠢ ᠳᠡᠮᠵᠢᠬᠦ᠂ ᠴᠢᠳᠠᠪᠬᠢ ᠪᠤᠢ ᠶᠢ ᠣᠨᠴᠠᠯᠠᠪᠠ᠃

ᠡᠯᠴᠢᠨ ᠰᠠᠶᠢᠳ ᠷᠢᠴᠠᠷᠳ᠋ ᠪᠤᠩᠭᠠᠨ ᠰᠡᠯᠡᠩᠭᠡ ᠳᠦ ᠠᠵᠢᠯ ᠤᠨ ᠠᠶᠢᠯᠴᠢᠯᠠᠯ ᠬᠢᠯ᠎ᠡ
ᠰᠡᠯᠡᠩᠭᠡ ᠠᠶᠢᠮᠠᠭ ᠲᠤ  ᠠᠮᠧᠷᠢᠺᠠ ᠶᠢᠨ ᠡᠯᠴᠢᠨ ᠰᠠᠶᠢᠳ ᠷᠢᠴᠠᠷᠳ᠋ ᠪᠤᠩᠭᠠᠨ ᠠᠵᠢᠯ ᠤᠨ ᠠᠶᠢᠯᠴᠢᠯᠠᠯ ᠬᠢᠯ᠎ᠡ᠃ ᠲᠡᠷᠡ  ᠪᠦᠬᠦᠢᠯᠡ ᠯᠡ ᠰᠠᠯᠪᠤᠷᠢ ᠳᠤ ᠲᠦᠩᠰᠢᠯᠡᠵᠦ᠂ ᠬᠠᠮᠲᠤᠷᠠᠵᠤ ᠠᠵᠢᠯᠯᠠᠬᠤ ᠳᠤ ᠲᠠᠭᠠᠲᠠᠢ ᠪᠠᠶᠢᠬᠤ ᠪᠣᠯᠤᠨ᠎ᠠ ᠭᠡᠳᠡᠭ ᠢᠶᠠᠨ ᠢᠯᠡᠷᠬᠡᠶᠢᠯᠡᠭᠡᠳ᠂ ᠠᠭᠤᠯᠵᠠᠯᠲᠠ ᠪᠠᠷ ᠶᠠᠷᠢᠯᠴᠠᠭᠰᠠᠨ ᠠᠰᠠᠭᠤᠳᠠᠯ ᠤᠳ ᠢ ᠬᠤᠯᠪᠦᠬᠳᠡᠬᠤ ᠠᠯᠪᠠᠨ ᠤ ᠬᠥᠮᠥᠰ ᠲᠠᠢ ᠪᠠᠨ ᠬᠡᠯᠡᠯᠴᠡᠭᠡᠳ ᠠᠵᠢᠯ ᠬᠡᠷᠡᠭ ᠪᠣᠯᠭᠠᠨ ᠠᠵᠢᠯᠯᠠᠬᠤ ᠪᠣᠯᠤᠨ᠎ᠠ ᠭᠡᠪᠡ᠃

ᠦᠡᠭᠭᠡᠷᠡᠭᠰᠡᠠ ᠬᠤᠭᠤᠴᠠᠭᠠᠨ ᠳᠤ ᠰᠡᠯᠡᠩᠭᠡ ᠠᠶᠢᠮᠠᠭ  ᠠᠮᠧᠷᠢᠺᠠ ᠶᠢᠨ ᠡᠯᠴᠢᠨ ᠰᠠᠶᠢᠳ ᠤᠨ ᠶᠠᠮᠤᠨ ᠲᠠᠢ ᠬᠠᠮᠲᠤᠷᠠᠨ  ᠰᠦᠬᠡᠪᠠᠭᠠᠲᠤᠷ ᠰᠤᠮᠤ ᠶᠢᠨ ᠲᠠᠪᠤᠳᠤᠭᠠᠷ  ᠪᠠᠭ ᠲᠤ ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠰᠡᠨ 50 ᠬᠡᠦᠬᠡᠳ ᠤᠨ ᠬᠦᠴᠦᠨ ᠴᠢᠳᠠᠯ ᠲᠠᠢ ᠴᠡᠴᠡᠷᠯᠢᠭ ᠪᠠᠷᠢᠵᠤ ᠠᠰᠢᠭᠯᠠᠯᠲᠠ ᠳᠤ ᠣᠷᠣᠭᠤᠯᠤᠭᠰᠠᠨ᠃

ᠰᠡᠳᠬᠢᠭᠳᠡᠯ ᠦᠯᠡᠳᠡᠭᠡᠬᠦ