ᠮᠣᠩᠭᠤᠯ ᠤᠯᠤᠰ᠂ ᠡᠸᠦ᠋ᠷᠦᠫᠡ ᠶᠢᠨ ᠰᠡᠷᠭᠦᠭᠡᠨ ᠪᠣᠰᠬᠠᠯᠲᠠ ᠬᠥᠭᠵᠢᠯ ᠤᠨ ᠪᠠᠩᠬᠢ ᠬᠠᠮᠲᠤᠷᠠᠨ ᠬᠡᠷᠡᠭᠵᠢᠭᠦᠯᠬᠦ︽ᠴᠤᠢᠷ ᠰᠠᠶᠢᠨᠱᠠᠩᠳᠠ ᠶᠢᠨ 220 KW ᠴᠠᠬᠢᠯᠭᠠᠨ ᠳᠠᠮᠵᠢᠭᠤᠯᠬᠤ ᠠᠭᠠᠷ ᠤᠨ ᠱᠤᠭᠤᠮ ᠪᠡᠷᠢᠬᠤ ᠲᠥᠰᠥᠯ︾ ᠤᠨ ᠰᠠᠩᠬᠦᠦᠵᠢᠯᠲᠡ 62.8 ᠰᠠᠶ᠎ᠠ ᠳ᠋ᠣᠯᠯᠠᠷ ᠤᠨ ᠵᠢᠭᠡᠯᠡ᠂ 5 ᠰᠠᠶ᠎ᠠ ᠡᠸᠦ᠋ᠷᠤ᠋ ᠶᠢᠨ ᠪᠤᠴᠠᠯᠲᠠ ᠦᠭᠡᠢ ᠲᠤᠰᠠᠯᠠᠮᠵᠢ ᠶᠢᠨ ᠭᠡᠷ᠎ᠡ ᠪᠠᠶᠢᠭᠤᠯᠤᠯ᠎ᠠ᠃ ᠭᠡᠷ᠎ᠡ ᠳᠤ ᠮᠣᠩᠭᠤᠯ ᠤᠯᠤᠰ ᠤᠨ ᠵᠠᠰᠠᠭ ᠤᠨ ᠭᠠᠵᠠᠷ ᠢ ᠲᠥᠯᠥᠭᠡᠯᠡᠨ ᠰᠠᠩ ᠤᠨ ᠰᠠᠶᠢᠳ ᠪ ∙ ᠵᠢᠪᠬᠤᠯᠠᠩ᠂ ᠡᠸᠦ᠋ᠷᠦᠫᠡ ᠶᠢᠨ ᠰᠡᠷᠭᠦᠭᠡᠨ ᠪᠣᠰᠬᠠᠯᠲᠠ᠂ ᠬᠥᠭᠵᠢᠯ ᠤᠨ ᠪᠠᠩᠬᠢ ᠶᠢ ᠲᠥᠯᠥᠭᠡᠯᠡᠨ ᠲᠥᠪ ᠠᠽᠢᠶ᠎ᠠ ᠪᠤᠯᠦᠠ ᠮᠣᠩᠭᠤᠯ ᠤᠯᠤᠰ ᠢ ᠬᠠᠷᠢᠭᠤᠴᠠᠭᠰᠠᠨ ᠵᠠᠬᠢᠷᠤᠯ ᠰᠢᠦ᠋ᠽᠠᠨᠨᠠ ᠬᠠᠷᠭᠢ ᠲᠠᠢ ᠨᠠᠷ ᠭᠠᠷ ᠤᠨ ᠦᠰᠦᠭ ᠵᠢᠷᠤᠭᠰᠠᠨ ᠶᠤᠮ᠃
ᠲᠥᠰᠥᠯ ᠢ ᠬᠡᠷᠡᠭᠵᠢᠭᠦᠯᠦᠭᠰᠡᠨ ᠢᠶᠠᠷ ᠡᠷᠴᠢᠮ ᠬᠦᠴᠦᠨ ᠤ ᠰᠡᠷᠭᠦᠯᠲᠡ ᠶᠢᠨ ᠪᠣᠳᠣᠯᠭ᠎ᠠ ᠶᠢᠨ ᠬᠡᠷᠡᠭᠵᠢᠯᠲᠡ ᠶᠢ ᠤᠷᠤᠭᠰᠢᠯᠠᠭᠤᠯᠬᠤ ᠲᠡᠳᠦᠢ ᠦᠭᠡᠢ ᠮᠣᠩᠭᠤᠯ ᠤᠯᠤᠰ ᠤᠨ ᠰᠲᠷᠠᠲ᠋ᠧᠭᠢ ᠶᠢᠨ ᠠᠴᠢ ᠬᠤᠯᠪᠣᠭᠳᠠᠯ ᠪᠦᠬᠦᠢ ᠠᠭᠤᠯᠠ ᠠᠭᠤᠷᠬᠠᠢ ᠶᠢᠨ ᠮᠧᠭ᠎ᠠ ᠲᠥᠰᠥᠯ ᠪᠣᠯᠬᠤ ᠲᠠᠪᠤᠨᠲᠣᠯᠣᠭᠠᠢ᠂ ᠤᠭ᠍ᠶᠤᠲᠤᠯᠤᠭᠠᠢ᠂ ᠴᠠᠭᠠᠨ ᠰᠤᠪᠤᠷᠭ᠎ᠠ᠂ ᠰᠠᠶᠢᠨᠱᠠᠩᠳᠠ ᠶᠢᠨ ᠠᠵᠤ ᠦᠢᠯᠡᠳᠪᠦᠷᠢ ᠶᠢᠨ ᠫᠠᠷᠺ᠂ ᠭᠠᠵᠠᠷ ᠤᠨ ᠲᠣᠰᠤ ᠪᠣᠯᠪᠠᠰᠤᠷᠠᠭᠤᠯᠬᠤ ᠦᠢᠯᠡᠳᠪᠦᠷᠢ᠂ ᠵᠠᠮ ᠤᠨ ᠡᠭᠦᠳᠡ ᠶᠢᠨ ᠬᠤᠳᠠᠯᠳᠤᠭᠠᠨ ᠤ ᠴᠢᠯᠦᠭᠡᠳᠦ ᠪᠦᠰᠡ ᠶᠢ ᠲᠡᠰᠦᠷᠡᠯᠳᠠ ᠦᠭᠡᠢ᠂ ᠨᠠᠶᠢᠳᠠᠪᠤᠷᠢ ᠲᠠᠢ ᠡᠷᠴᠢᠮ ᠬᠦᠴᠦ ᠪᠠᠷ ᠬᠠᠩᠭᠠᠬᠤ ᠡᠬᠢ ᠡᠭᠦᠰᠪᠦᠷᠢ ᠪᠣᠯᠤᠨ᠎ᠠ᠃ ᠮᠦᠨ ᠡᠮᠦᠨ᠎ᠡ ᠭᠤᠪᠢ᠂ ᠳᠣᠷᠤᠨᠠᠭᠤᠪᠢ᠂ ᠳᠤᠮᠲᠠᠭᠤᠪᠢ᠂ ᠭᠤᠪᠢ ᠰᠦᠮᠪᠦᠷ ᠠᠶᠢᠮᠠᠭ ᠤᠨ 51.4 ᠮᠢᠩᠭ᠎ᠠ ᠭᠠᠷᠦᠢ ᠬᠡᠷᠡᠭᠯᠡᠭᠴᠢ ᠶᠢᠨ ᠴᠠᠬᠢᠯᠭᠠᠨ ᠡᠷᠴᠢᠮ ᠬᠦᠴᠦ ᠲᠡᠢ ᠬᠤᠯᠪᠦᠬᠳᠡᠬᠤ ᠬᠦᠷᠲᠡᠭᠡᠮᠵᠢ ᠶᠢ ᠰᠠᠢᠵᠢᠷᠠᠭᠤᠯᠬᠤ ᠶᠤᠮ᠃