ᠶᠤᠨᠧᠰᠺᠤ  ᠶᠢᠨ ᠳᠡᠯᠡᠬᠡᠢ ᠶᠢᠨ ᠥᠪ ᠲᠤ ᠪᠦᠷᠢᠳᠬᠡᠭᠦᠯᠦᠭᠰᠡᠨ 5 ᠥᠪ ᠭᠠᠵᠠᠷ ᠢ ᠳᠡᠯᠡᠬᠡᠢ ᠳᠤ ᠠᠯᠳᠠᠷᠰᠢᠭᠤᠯᠪᠠ | News.MN

 ᠶᠤᠨᠧᠰᠺᠤ  ᠶᠢᠨ ᠳᠡᠯᠡᠬᠡᠢ ᠶᠢᠨ ᠥᠪ ᠲᠤ ᠪᠦᠷᠢᠳᠬᠡᠭᠦᠯᠦᠭᠰᠡᠨ 5 ᠥᠪ ᠭᠠᠵᠠᠷ ᠢ ᠳᠡᠯᠡᠬᠡᠢ ᠳᠤ ᠠᠯᠳᠠᠷᠰᠢᠭᠤᠯᠪᠠ

ᠭᠠᠳᠠᠭᠠᠳᠤ ᠬᠠᠷᠢᠯᠴᠠᠭᠠᠨ ᠤ ᠶᠠᠮᠤᠨ᠂ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠪᠣᠯᠪᠠᠰᠤᠷᠠᠯ᠂ ᠰᠢᠨᠵᠢᠯᠡᠬᠦ ᠤᠬᠠᠭᠠᠨ᠂ ᠰᠣᠶᠤᠯ ᠤᠨ ᠪᠠᠶᠢᠭᠤᠯᠤᠯᠭ᠎ᠠ  ᠶᠢᠨ ᠮᠣᠩᠭᠣᠯ ᠤᠨ ᠦᠨᠳᠦᠰᠦᠨ ᠤ ᠺᠣᠮᠢᠰ ᠬᠠᠮᠲᠤᠷᠠᠨ ᠳᠡᠯᠡᠬᠡᠢ ᠶᠢᠨ ᠰᠣᠶᠤᠯ ᠤᠨ ᠪᠤᠯᠦᠠ ᠪᠠᠶᠢᠭᠠᠯᠢ ᠶᠢᠨ ᠥᠪ ᠢ ᠬᠠᠮᠡᠭᠠᠯᠡᠬᠤ ᠲᠤᠬᠠᠶ ᠺᠣᠨ᠋ᠸᠧᠨ᠋ᠼ ᠤᠨ 50 ᠵᠢᠯ ᠤᠨ ᠣᠶ᠂ ᠮᠣᠩᠭᠤᠯ ᠤᠯᠤᠰ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ᠪᠠᠶᠢᠭᠤᠯᠤᠯᠭ᠎ᠠ  ᠳᠤ ᠡᠯᠰᠡᠭᠰᠡᠨ ᠤ 60 ᠵᠢᠯ ᠤᠨ ᠣᠢ ᠶᠢ  ᠲᠤᠰ  ᠲᠤᠰ ᠲᠣᠬᠢᠶᠠᠯᠳᠤᠭᠤᠯᠤᠨ︽ᠳᠡᠯᠡᠬᠡᠢ ᠶᠢᠨ ᠥᠪ︾ᠰᠡᠳᠬᠦᠯ︵World Heritage Review︶ ᠦᠨ ᠲᠤᠰᠬᠠᠶ ᠳ᠋ᠤᠭᠠᠷ ᠲᠤ ᠮᠠᠨ ᠤ ᠤᠯᠤᠰ ᠤᠨ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ  ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ᠪᠠᠶᠢᠭᠤᠯᠤᠯᠭ᠎ᠠ   ᠶᠢᠨ ᠳᠡᠯᠡᠬᠡᠢ ᠶᠢᠨ ᠥᠪ ᠲᠤ ᠪᠦᠷᠢᠳᠬᠡᠭᠦᠯᠦᠭᠰᠡᠨ ᠲᠠᠪᠤᠨ ᠥᠪ ᠤᠨ ᠭᠠᠵᠠᠷ ᠢ ᠲᠠᠨᠢᠯᠴᠠᠭᠤᠯᠪᠠ᠃
ᠮᠣᠩᠭᠤᠯ ᠤᠯᠤᠰ ᠤᠨ ᠵᠠᠰᠠᠭ ᠤᠨ ᠭᠠᠵᠠᠷ ᠠᠴᠠ 2023-2025 ᠣᠨ ᠢ︽ᠮᠣᠩᠭᠤᠯ ᠳᠤ ᠵᠤᠴᠢᠯᠡᠬᠤ ᠵᠢᠯ︾ᠪᠣᠯᠭᠠᠨ ᠵᠠᠷᠯᠠᠭᠰᠠᠨ ᠲᠠᠢ ᠬᠤᠯᠪᠤᠭᠳᠠᠭᠤᠯᠤᠨ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ᠪᠠᠶᠢᠭᠤᠯᠤᠯᠭ᠎ᠠ ᠳᠤ ᠪᠦᠷᠢᠳᠬᠡᠭᠳᠡᠭᠰᠡᠨ ᠮᠣᠩᠭᠣᠯ ᠤᠨ ᠪᠠᠶᠢᠭᠠᠯᠢ ᠶᠢᠨ ᠦᠵᠡᠰᠬᠦᠯᠡᠩᠲᠦ ᠥᠪ ᠤᠨ ᠭᠠᠵᠠᠷ ᠤᠳ ᠢ ᠳᠡᠯᠡᠬᠡᠢ ᠶᠢᠨ ᠤᠯᠤᠰ ᠣᠷᠣᠨ ᠨᠤᠭᠤᠳ ᠲᠤ ᠲᠡᠳᠦᠢ ᠦᠭᠡᠢ ᠣᠯᠠᠨ ᠤᠯᠤᠰ ᠤᠨ ᠪᠠᠶᠢᠭᠤᠯᠤᠯᠭ᠎ᠠ ᠳᠤ ᠰᠤᠷᠲᠠᠯᠴᠢᠯᠠᠨ ᠲᠠᠨᠢᠯᠴᠠᠭᠤᠯᠤᠭᠰᠠᠨ ᠨᠢ ᠤᠯᠤᠰ ᠣᠷᠣᠨ ᠤ ᠡᠳ᠋ ᠤᠨ ᠵᠠᠰᠠᠭ ᠢ ᠰᠡᠷᠭᠦᠭᠡᠬᠦ᠂ ᠠᠶᠠᠯᠠᠯ ᠵᠢᠭᠤᠯᠴᠢᠯᠠᠯ ᠢ ᠬᠥᠭᠵᠢᠭᠦᠯᠬᠦ᠂ ᠬᠥᠷᠥᠩᠭᠡ ᠣᠷᠤᠭᠤᠯᠤᠯᠲᠠ ᠶᠢ ᠲᠠᠲᠠᠬᠤ᠂ ᠮᠣᠩᠭᠤᠯ ᠤᠯᠤᠰ ᠢ ᠭᠠᠳᠠᠭᠠᠳᠤ ᠳᠤ ᠰᠤᠷᠲᠠᠯᠴᠢᠯᠠᠬᠤ ᠳᠤ ᠠᠴᠢ ᠬᠤᠯᠪᠣᠭᠳᠠᠯ ᠲᠠᠢ ᠠᠷᠭ᠎ᠠ ᠭᠡᠮᠵᠢᠶ᠎ᠠ ᠪᠣᠯᠪᠠ᠃

ᠰᠡᠳᠬᠢᠭᠳᠡᠯ ᠦᠯᠡᠳᠡᠭᠡᠬᠦ