ᠮᠣᠩᠭᠤᠯ ᠤᠯᠤᠰ ᠤᠨ ᠲᠡᠭᠡᠳᠦ ᠰᠢᠭᠦᠬᠦ ᠶᠢᠨ ᠨᠡᠶᠢᠲᠡ ᠰᠢᠭᠦᠭᠴᠢ ᠶᠢᠨ ᠬᠤᠷᠠᠯᠳᠤᠭᠠᠨ ᠥᠴᠥᠭᠡᠳᠦᠷ ᠪᠣᠯᠣᠯ᠎ᠠ᠃ ᠬᠤᠷᠠᠯᠳᠤᠭᠠᠨ ᠢᠶᠠᠷ ᠠᠷᠠᠳᠴᠢᠯᠠᠭᠰᠠᠨ ᠨᠠᠮ ᠤᠨ ᠦᠨᠳᠦᠰᠦᠨ ᠤ ᠪᠣᠳᠣᠯᠭ᠎ᠠ ᠶᠢᠨ ᠬᠤᠷᠢᠶᠠᠨ ᠤ ᠳᠠᠷᠤᠭ᠎ᠠ ᠭᠡᠬᠦ ᠢᠷᠭᠡᠠ ᠲ᠊ ·ᠮᠥᠩᠬᠡᠪᠠᠶᠠᠷ ᠠᠴᠠ︽ᠠᠷᠠᠳᠴᠢᠯᠠᠭᠰᠠᠨ ᠨᠠᠮ ᠤᠨ ᠤᠯᠤᠰ ᠤᠨ ᠪᠦᠷᠢᠳᠬᠡᠯ ᠳᠤ ᠥᠭᠡᠷᠡᠴᠢᠯᠡᠯᠲᠡ ᠣᠷᠣᠭᠤᠯᠬᠤ ᠲᠤᠬᠠᠶ︾ᠬᠦᠰᠡᠯᠲᠡ ᠶᠢ ᠤᠯᠤᠰ ᠤᠨ ᠲᠡᠭᠡᠳᠦ ᠰᠢᠭᠦᠬᠦ ᠶᠢᠨ ᠨᠡᠶᠢᠲᠡ ᠰᠢᠭᠦᠭᠴᠢ ᠶᠢᠨ ᠬᠤᠷᠠᠯᠳᠤᠭᠠᠨ ᠳᠤ ᠢᠷᠡᠭᠦᠯᠦᠭᠰᠡᠨ ᠪᠠᠶᠢᠨ᠎ᠡ᠃ ᠤᠭ ᠬᠦᠰᠡᠯᠲᠡ ᠪᠠᠷ︽᠁ ᠠᠷᠠᠳᠴᠢᠯᠠᠭᠰᠠᠨ ᠨᠠᠮ ᠢ ᠢᠲᠡᠭᠡᠮᠵᠢᠯᠡᠯ ᠦᠭᠡᠢ ᠪᠠᠷ ᠲᠥᠯᠥᠭᠡᠯᠡᠬᠦ ᠡᠷᠬᠡ ᠲᠠᠢ ᠡᠲᠡᠭᠡᠳ ᠢᠶᠠᠷ ᠦᠨᠳᠦᠰᠦᠨ ᠤ ᠪᠣᠳᠣᠯᠭ᠎ᠠ ᠶᠢᠨ ᠬᠤᠷᠢᠶᠠᠨ ᠤ ᠤ ᠳᠠᠷᠤᠭ᠎ᠠ ᠲ᠊ · ᠮᠥᠩᠬᠡᠪᠠᠶᠠᠷ ᠢ ᠪᠦᠷᠢᠳᠬᠡᠭᠦᠯᠬᠦ︾ ᠶᠢ ᠬᠦᠰᠡᠵᠡᠢ᠃
ᠤᠯᠤᠰ ᠤᠨ ᠲᠡᠭᠡᠳᠦ ᠰᠢᠭᠦᠬᠦ ᠶᠢᠨ ᠨᠡᠶᠢᠲᠡ ᠰᠢᠭᠦᠭᠴᠢ ᠶᠢᠨ ᠬᠤᠷᠠᠯᠳᠤᠭᠠᠨ ᠠᠴᠠ ᠠᠷᠠᠳᠴᠢᠯᠠᠭᠰᠠᠨ ᠨᠠᠮ ᠢ ᠢᠲᠡᠭᠡᠮᠵᠢᠯᠡᠯ ᠦᠭᠡᠢ ᠪᠠᠷ ᠲᠥᠯᠥᠭᠡᠯᠡᠬᠦ ᠡᠷᠬᠡ ᠲᠠᠢ ᠡᠲᠡᠭᠡᠳ ᠤᠨ ᠲᠠᠯ᠎ᠠ ᠪᠠᠷ ᠬᠢ ᠨᠠᠮ ᠤᠨ ᠳᠣᠲᠤᠭᠠᠳᠤ ᠮᠠᠷᠭᠤᠭᠠᠨ ᠨᠢ ᠰᠢᠢᠳᠪᠦᠷᠢᠯᠡᠭᠳᠡᠭᠡ ᠦᠭᠡᠢ ᠪᠠᠶᠢᠬᠤ ᠲᠤᠯᠠ ︽ᠤᠯᠤᠰ ᠲᠥᠷᠦ ᠶᠢᠨ ᠨᠠᠮ ᠤᠨ ᠲᠤᠬᠠᠶ︾ ᠬᠠᠤᠯᠢ ᠶᠢᠨ 13 ᠳ᠋ᠤᠭᠠᠷ ᠵᠦᠢᠯ ᠤᠨ 13.9 ᠳᠦ ᠵᠢᠭᠠᠭᠰᠠᠨ ᠢᠶᠠᠷ ᠬᠦᠰᠡᠯᠲᠡ ᠶᠢ ᠬᠦᠯᠢᠶᠡᠨ ᠠᠪᠬᠤ ᠪᠣᠯᠤᠮᠵᠢ ᠦᠭᠡᠶ ᠭᠡᠵᠦ ᠦᠵᠡᠪᠡ᠃