ᠨᠡᠭᠦᠷᠡᠰᠦᠨ ᠤ ᠦᠨ᠎ᠡ ᠶᠢ ᠨᠡᠮᠡᠬᠦ ᠪᠣᠯᠣᠮᠵᠢ ᠶᠢ ᠲᠦᠷᠦ ᠶᠢᠨ ᠺᠤᠮᠫᠠᠨᠢ ᠠᠰᠢᠭᠯᠠᠳᠠᠭ ᠤᠤ | News.MN

 ᠨᠡᠭᠦᠷᠡᠰᠦᠨ ᠤ ᠦᠨ᠎ᠡ ᠶᠢ ᠨᠡᠮᠡᠬᠦ ᠪᠣᠯᠣᠮᠵᠢ ᠶᠢ ᠲᠦᠷᠦ ᠶᠢᠨ ᠺᠤᠮᠫᠠᠨᠢ ᠠᠰᠢᠭᠯᠠᠳᠠᠭ ᠤᠤ

ᠤᠯᠤᠰ ᠤᠨ ᠲᠥᠰᠦᠪ ᠤᠨ ᠣᠷᠣᠯᠭ᠎ᠠ ᠶᠢᠨ ᠳᠡᠶᠢᠯᠦᠩᠬᠢ ᠶᠢ  ᠠᠭᠤᠯᠠ ᠠᠭᠤᠷᠬᠠᠢ ᠶᠢᠨ ᠺᠣᠮᠫᠠᠨᠢ ᠨᠤᠭᠤᠳ ᠪᠦᠷᠢᠳᠦᠭᠦᠯᠳᠡᠭ᠃ ᠲᠡᠷᠡ ᠳᠤᠮᠳᠠ ᠪᠠᠨ︽ᠡᠷᠳᠡᠨᠢᠲᠦ︾᠂︽ᠡᠷᠳᠡᠨᠢᠰ ᠲᠠᠪᠤᠨᠲᠤᠯᠤᠭᠠᠢ︾᠂︽ᠡᠨᠧᠷᠭᠢ ᠷᠧᠰᠦ᠋ᠷᠰ︾᠂︽ᠮᠣᠩᠭᠤᠯ ᠤᠨ ᠠᠯᠳᠠ︾ ᠻᠣᠷᠫᠣᠷᠠᠼ᠂ ︽ᠲᠠᠪᠤᠨᠲᠤᠯᠤᠭᠠᠢ︾ᠭᠡᠬᠦ ᠮᠡᠲᠦ ᠴᠦᠭᠡᠠ ᠬᠡᠳᠦᠨ ᠻᠣᠮᠫᠠᠨᠢ ᠤᠯᠤᠰ᠂ ᠣᠷᠣᠨ ᠨᠤᠲᠤᠭ ᠤᠨ ᠲᠥᠰᠥᠪ ᠪᠦᠷᠢᠳᠬᠦ ᠳᠤ ᠲᠣᠮᠤᠬᠠᠨ ᠡᠭᠦᠷᠭᠡ ᠭᠦᠢᠴᠡᠳᠬᠡᠵᠦ ᠪᠠᠶᠢᠨ᠎ᠡ᠃
ᠭᠡᠪᠡᠴᠦ ᠲᠥᠷᠦ ᠶᠢᠨ ᠥᠮᠴᠢᠲᠦ  ᠠᠭᠤᠯᠠ ᠠᠭᠤᠷᠬᠠᠢ ᠶᠢᠨ ᠺᠣᠮᠫᠠᠨᠢ ᠨᠤᠭᠤᠳ ᠤᠨ ᠪᠣᠷᠤᠯᠠᠭᠤᠯᠤᠯᠲᠠ ᠲᠠᠢ ᠬᠤᠯᠪᠣᠭ᠎ᠠ ᠲᠠᠢ ᠮᠡᠳᠡᠭᠡᠯᠡᠯ ᠥᠨᠥ ᠶᠢ ᠬᠦᠷᠳᠡᠯ᠎ᠠ ᠢᠯᠡ ᠲᠤᠳᠦ ᠪᠢᠰᠢ᠃ ᠠᠯᠢ ᠺᠣᠮᠫᠠᠨᠢ ᠳᠤ ᠶᠡᠮᠡᠷ ᠦᠵᠡᠭᠦᠯᠦᠯᠲᠡ ᠲᠠᠢ ᠨᠡᠭᠦᠷᠡᠰᠦ ᠶᠢ ᠬᠡᠳᠦᠨ ᠳ᠋ᠣᠯᠯᠠᠷ ᠢᠶᠠᠷ ᠬᠤᠳᠠᠯᠳᠤᠭᠰᠠᠨ ᠪᠤᠢ ᠭᠡᠳᠡᠭ ᠨᠢ ᠲᠤᠬᠠᠢ ᠶᠢᠨ ᠪᠠᠶᠢᠭᠤᠯᠤᠯᠭ᠎ᠠ ᠶᠢᠨ ᠪᠢᠽᠢᠨᠧᠰ ᠤᠨ ᠨᠢᠭᠤᠴᠠ ᠬᠡᠮᠡᠨ ᠨᠢᠭᠤᠴᠠᠯᠠᠳᠠᠭ᠃ ᠡᠶᠢᠮᠦ ᠠᠴᠠ︽ᠤᠭ᠍ᠶᠤᠲᠤᠯᠤᠭᠠᠢ︾᠂︽ᠡᠷᠳᠡᠨᠢᠲᠦ︾ᠦᠢᠯᠡᠳᠪᠦᠷᠢ ᠶᠢᠨ ᠪᠣᠷᠣᠯᠠᠭᠤᠯᠤᠯᠲᠠ ᠶᠢᠨ ᠣᠷᠣᠯᠭ᠎ᠠ ᠶᠢ ᠰᠠᠯᠪᠤᠷᠢ ᠶᠢᠨ ᠰᠠᠶᠢᠳ ᠴᠤ ᠮᠡᠳᠡᠳᠡᠭ ᠦᠭᠡᠢ᠃ ᠲᠡᠭᠡᠭᠰᠡᠨ ᠠᠲᠠᠯ᠎ᠠ ᠡᠷᠭᠡ ᠪᠠᠷᠢᠭᠴᠢᠳ ᠳᠡᠯᠡᠬᠡᠢ ᠶᠢᠨ ᠵᠠᠬ᠎ᠠ ᠵᠡᠭᠡᠯᠢ ᠳᠤ ᠨᠡᠭᠦᠷᠡᠰᠦ᠂ ᠵᠡᠰ᠂ ᠠᠯᠲᠠᠨ ᠤ ᠦᠨ᠎ᠡ ᠥᠰᠦᠯ᠎ᠡ᠂ ᠡᠨᠡ ᠨᠢ ᠪᠢᠳᠡᠨ ᠳᠤ ᠡᠶᠡᠷᠭᠦ ᠪᠠᠷ ᠨᠥᠯᠥᠭᠡᠯᠡᠨ᠎ᠡ ᠭᠡᠵᠦ ᠣᠯᠠᠨ ᠨᠡᠶᠢᠲᠡ ᠶᠢ ᠲᠠᠶᠢᠪᠤᠰᠢᠷᠠᠭᠤᠯᠳᠠᠭ᠃ ᠪᠣᠳᠠᠲᠤ ᠪᠠᠶᠢᠳᠠᠯ ᠳᠡᠭᠡᠷ᠎ᠡ ᠪᠢᠳᠡ ᠦᠡᠳᠦᠷ ᠦᠨ᠎ᠡ ᠪᠠᠷ ᠡᠷᠦᠳᠡᠰᠦ ᠪᠠᠶᠠᠯᠢᠭ ᠢᠶᠠᠨ ᠬᠤᠳᠠᠯᠳᠤᠬᠤ ᠪᠣᠯᠣᠮᠵᠢ ᠪᠠᠨ ᠠᠯᠳᠠᠭᠰᠠᠭᠠᠷ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ