ᠴᠢᠩᠭᠢᠰ ᠬᠠᠭᠠᠨ ᠤ ᠵᠠᠷᠯᠢᠭ ᠤᠨ ᠪᠢᠴᠢᠭᠡᠰᠦᠲᠡᠢ ᠬᠥᠰᠢᠶ᠎ᠡ ᠶᠢ ᠰᠡᠷᠭᠦᠭᠡᠨ ᠪᠤᠰᠬᠠᠯ᠎ᠠ | News.MN

ᠴᠢᠩᠭᠢᠰ ᠬᠠᠭᠠᠨ ᠤ ᠵᠠᠷᠯᠢᠭ ᠤᠨ ᠪᠢᠴᠢᠭᠡᠰᠦᠲᠡᠢ ᠬᠥᠰᠢᠶ᠎ᠡ ᠶᠢ ᠰᠡᠷᠭᠦᠭᠡᠨ ᠪᠤᠰᠬᠠᠯ᠎ᠠ

ᠶᠠᠫᠤᠨ ᠤᠯᠤᠰ ᠤᠨ ᠷᠢᠤᠺᠤᠺᠤ ᠶᠡᠭᠡ ᠰᠤᠷᠭᠠᠭᠤᠯᠢ ᠶᠢᠨ ᠰᠠᠩᠬᠦᠦᠵᠢᠯᠲᠡ ᠪᠠᠷ ᠬᠡᠯᠡᠨ ᠤ ᠪᠣᠳᠣᠯᠭ᠎ᠠ ᠶᠢᠨ ᠦᠨᠳᠦᠰᠦᠨ ᠤ ᠵᠥᠪᠯᠡᠯ᠂ ᠤᠯᠤᠰ ᠤᠨ ᠶᠡᠭᠡ ᠬᠤᠷᠠᠯ  ᠤᠨ ᠭᠡᠰᠢᠭᠦᠨ ᠳ᠋᠊ ·ᠲᠤᠭᠲᠠᠬᠤᠰᠦ᠋ᠷᠤᠩ ᠨᠠᠷ ᠤᠨ ᠳᠡᠮᠵᠢᠯᠭᠡ ᠪᠠᠷ ᠴᠢᠩᠭᠢᠰ ᠬᠠᠭᠠᠨ ᠤ ᠵᠠᠷᠯᠢᠭ ᠤᠨ ᠪᠢᠴᠢᠭᠡᠰᠦ ᠪᠤᠶᠤ︽ᠬᠠᠷ᠎ᠠ ᠬᠤᠷᠣᠮ ᠤᠨ ᠨᠢᠭᠡᠳᠦᠭᠡᠷ ᠮᠣᠩᠭᠤᠯ ᠪᠢᠴᠢᠭᠡᠰᠦᠳᠤ ᠬᠥᠰᠢᠶ᠎ᠡ︾  ᠶᠢ ᠬᠠᠷᠠᠬᠤᠷᠢᠨ ᠬᠤᠲᠠᠨ᠎ᠠ ᠳᠠᠬᠢᠨ ᠪᠤᠰᠬᠠᠯ᠎ᠠ᠃
ᠶᠡᠭᠡ ᠮᠣᠩᠭᠤᠯ ᠤᠯᠤᠰ ᠤᠨ ᠨᠡᠶᠢᠰᠯᠡᠯ ᠬᠠᠷ᠎ᠠ ᠬᠤᠷᠣᠮ ᠬᠤᠲᠠ ᠳᠤ 1346 ᠣᠨ ᠳᠤ ᠶᠤᠸᠠᠨ ᠭᠦᠷᠦᠨ ᠤ ᠰᠡᠭᠦᠯᠴᠢ ᠶᠢᠨ ᠬᠠᠭᠠᠨ ᠲᠣᠭᠤᠭᠠᠨᠲᠡᠮᠦᠷ ᠤᠨ ᠵᠠᠷᠯᠢᠭ ᠢᠶᠠᠷ ᠪᠣᠰᠬᠠᠵᠤ ᠪᠠᠶᠢᠭᠰᠠᠨ ᠤᠭ ᠬᠥᠰᠢᠶ᠎ᠡ ᠶᠢ 1380 ᠣᠨ ᠳᠤ ᠬᠢᠲᠠᠳ ᠤᠨ ᠮᠢᠩ ᠤᠯᠤᠰ ᠤᠨ ᠴᠡᠷᠢᠭ ᠬᠠᠷ᠎ᠠ ᠬᠤᠷᠣᠮ ᠬᠤᠲᠠ ᠶᠢ ᠡᠵᠡᠯᠡᠨ ᠰᠢᠲᠠᠭᠠᠬᠤ ᠦᠶ᠎ᠡ ᠳᠤ ᠡᠪᠳᠡᠷᠡᠭᠰᠡᠨ ᠬᠡᠮᠡᠨ ᠲᠡᠦᠬᠡᠨ ᠳᠤ ᠲᠡᠮᠳᠡᠭᠯᠡᠵᠡᠢ᠃ ᠮᠣᠩᠭᠤᠯ ᠭᠧᠷᠮᠠᠨ ᠤ ᠬᠠᠮᠲᠤᠷᠠᠭᠰᠠᠨ ᠰᠢᠨᠵᠢᠯᠡᠭᠡᠨ ᠤ ᠠᠩᠭᠢ 2003 ᠣᠨ ᠤ 8 ᠳ᠋ᠤᠭᠠᠷ ᠰᠠᠷ᠎ᠠ ᠳᠤ ᠬᠢᠭᠰᠡᠨ ᠮᠠᠯᠲᠠᠯᠠᠭ᠎ᠠ ᠪᠠᠷ ᠡᠷᠳᠡᠨᠢ ᠵᠤᠤ ᠬᠡᠶᠢᠳ ᠤᠨ ᠴᠣᠭᠴᠢᠨ ᠳᠤᠭᠠᠩ ᠤᠨ ᠰᠠᠭᠤᠷᠢᠨ ᠠᠴᠠ ᠨᠢᠭᠡ ᠪᠢᠴᠢᠭᠲᠦ ᠬᠥᠰᠢᠶᠡᠨ ᠤ ᠬᠡᠰᠡᠭ ᠢ ᠮᠠᠯᠲᠠᠨ ᠣᠯᠣᠭᠰᠠᠨ ᠶᠤᠮ᠃
ᠤᠭ ᠬᠥᠰᠢᠶᠡᠨ ᠤ ᠪᠢᠴᠢᠭᠡᠰᠦ ᠳᠤ︽ᠴᠢᠩᠭᠢᠰ ᠬᠠᠭᠠᠨ ᠶᠡᠭᠡ ᠣᠷᠣ ᠰᠠᠭᠤᠭᠰᠠᠨ 15 ᠳ᠋ᠤᠭᠠᠷ ᠣᠨ ᠴᠡᠭᠠᠠ ᠯᠤᠤ ᠵᠢᠯ ᠳᠤ ᠬᠤᠷᠣᠮ ᠳᠤ ᠰᠠᠭᠤᠬᠤ ᠪᠠᠯᠭᠠᠰᠤᠨ ᠤᠷᠤᠰᠢᠭᠤᠯᠤᠭᠰᠠᠨ ᠠᠵᠤᠭᠤ︾ᠬᠡᠮᠡᠨ ᠥᠭᠦᠯᠡᠭᠰᠡᠨ ᠨᠢ 1220 ᠣᠨ ᠳᠤ ᠮᠣᠩᠭᠤᠯᠴᠤᠳ ᠶᠡᠭᠡ ᠮᠣᠩᠭᠤᠯ ᠤᠯᠤᠰ ᠤᠨ ᠢᠶᠠᠨ ᠨᠡᠶᠢᠰᠯᠡᠯ ᠢ ᠣᠷᠬᠤᠨ ᠤ ᠬᠥᠨᠳᠡᠢ ᠳᠤ ᠪᠠᠶᠢᠭᠤᠯᠬᠤ ᠪᠠᠷ ᠰᠣᠩᠭᠤᠵᠤ ᠠᠪᠤᠭᠰᠠᠨ ᠢ ᠭᠡᠷᠡᠴᠢᠯᠡᠬᠦ ᠠᠯᠪᠠᠨ ᠶᠣᠰᠣᠨ ᠤ ᠪᠠᠷᠢᠮᠲᠠ ᠪᠣᠯᠵᠤ ᠪᠠᠶᠢᠳᠠᠭ᠃

ᠰᠡᠳᠬᠢᠭᠳᠡᠯ ᠦᠯᠡᠳᠡᠭᠡᠬᠦ