ᠳᠡᠯᠡᠬᠡᠢ ᠶᠢᠨ ᠵᠢᠱᠢᠭ ᠲᠤ ᠨᠡᠶᠢᠴᠡᠭᠰᠡᠨ ᠠᠳᠤᠭᠤᠨ ᠤ ᠡᠮᠨᠡᠯᠭᠡ ᠨᠡᠭᠡᠭᠡᠭᠳᠡᠯ᠎ᠡ | News.MN

ᠳᠡᠯᠡᠬᠡᠢ ᠶᠢᠨ ᠵᠢᠱᠢᠭ ᠲᠤ ᠨᠡᠶᠢᠴᠡᠭᠰᠡᠨ ᠠᠳᠤᠭᠤᠨ ᠤ ᠡᠮᠨᠡᠯᠭᠡ ᠨᠡᠭᠡᠭᠡᠭᠳᠡᠯ᠎ᠡ

ᠳᠡᠯᠡᠬᠡᠢ ᠶᠢᠨ ᠵᠢᠱᠢᠭ ᠲᠤ ᠨᠡᠶᠢᠴᠡᠭᠰᠡᠨ︽ᠮᠣᠷᠢᠲᠠᠨ︾ᠠᠳᠤᠭᠤᠨ ᠤ ᠲᠥᠷᠥᠯᠵᠢᠭᠰᠡᠨ ᠡᠮᠨᠡᠯᠭᠡ ᠶᠢᠨ ᠲᠤᠰᠬᠠᠶ ᠪᠠᠶᠢᠷᠢ ᠠᠰᠢᠭᠯᠠᠯᠲᠠ ᠳᠤ ᠣᠷᠣᠵᠤ᠂ ᠨᠡᠭᠡᠭᠡᠯᠲᠡ ᠪᠠᠨ ᠬᠢᠯ᠎ᠡ᠃ ᠲᠤᠰ ᠡᠮᠨᠡᠯᠭᠡ 2019 ᠣᠨ ᠠᠴᠠ ᠡᠬᠢᠯᠡᠨ ᠬᠤᠷᠳᠦᠠ ᠮᠣᠷᠢᠨ ᠤ ᠬᠥᠯ ᠤᠨ ᠭᠡᠮᠲᠤᠯ ᠢ ᠵᠠᠰᠠᠵᠤ ᠡᠬᠢᠯᠡᠭᠰᠡᠨ ᠪᠠᠶᠢᠨ᠎ᠡ᠃ ᠡᠮᠨᠡᠯᠭᠡ ᠶᠢᠨ ᠡᠭᠦᠰᠬᠡᠨ ᠪᠠᠶᠢᠭᠤᠯᠤᠭᠴᠢ᠂ ᠮᠠᠯ ᠤᠨ ᠶᠡᠭᠡ ᠡᠮᠴᠢ ᠠ᠊ · ᠨᠠᠷᠠᠨᠪᠠᠭᠠᠲᠤᠷ᠄ ᠢᠷᠡᠬᠦ ᠵᠢᠯ ᠢ ︽ᠮᠣᠩᠭᠤᠯ ᠤᠯᠤᠰ ᠲᠤ ᠵᠤᠴᠢᠯᠡᠬᠤ ᠵᠢᠯ︾ᠪᠣᠯᠭᠠᠨ ᠵᠠᠷᠯᠠᠭᠰᠠᠨ ᠲᠠᠢ ᠬᠤᠯᠪᠣᠭᠳᠠᠭᠤᠯᠵᠤ ᠠᠶᠠᠯᠠᠯ ᠵᠢᠭᠤᠯᠴᠢᠯᠠᠯ ᠤᠨ ᠲᠤᠬᠠᠶ ᠬᠠᠤᠯᠢ ᠶᠢᠨ ᠬᠠᠮᠲᠤ ᠪᠣᠭᠤᠴᠠᠭᠠᠲᠤ ᠮᠤᠷᠢᠨ ᠤᠷᠤᠯᠳᠤᠭᠠᠨ ᠤ ᠬᠠᠤᠯᠢ ᠶᠢ ᠬᠡᠯᠡᠯᠴᠡᠵᠦ ᠪᠠᠶᠢᠨ᠎ᠡ᠃ ᠰᠣᠩᠭᠤᠳᠠᠭ ᠮᠤᠷᠢᠨ ᠤᠷᠤᠯᠳᠤᠭᠠᠨ ᠢ ᠬᠥᠭᠵᠢᠭᠦᠯᠬᠦ ᠨᠢ ᠣᠯᠠᠨ ᠳᠠᠪᠠᠭᠤ ᠲᠠᠯ᠎ᠠ ᠶᠢ ᠪᠤᠢ ᠪᠣᠯᠭᠠᠨ᠎ᠠ᠃ ᠲᠤᠬᠠᠶᠢᠯᠠᠪᠠᠯ ᠮᠤᠷᠢᠨ ᠤᠷᠤᠯᠳᠤᠭᠠᠨ ᠬᠥᠭᠵᠢᠬᠦ ᠨᠢ ᠠᠶᠠᠯᠠᠯ ᠵᠢᠭᠤᠯᠴᠢᠯᠠᠯ ᠢ ᠲᠠᠲᠠᠬᠤ᠂ ᠣᠯᠠᠨ ᠨᠡᠶᠢᠲᠡ ᠴᠢᠯᠦᠭᠡ ᠴᠠᠭ ᠢᠶᠠᠨ ᠥᠩᠭᠡᠷᠡᠭᠡᠬᠦ ᠭᠠᠵᠠᠷ ᠲᠠᠢ ᠪᠣᠯᠬᠤ ᠵᠡᠷᠭᠡ ᠴᠢᠬᠤᠯᠠ ᠨᠥᠯᠥᠭᠡ ᠲᠠᠢ᠃
ᠪᠢᠳᠡ ᠠᠵᠢᠷᠭᠠᠨ ᠤ ᠦᠷ᠎ᠡ ᠶᠢᠨ ᠢᠳᠡᠪᠬᠢᠵᠢᠯ ᠢ ᠲᠣᠳᠣᠷᠬᠠᠶᠢᠯᠠᠬᠤ᠂ ᠬᠤᠷᠳᠦᠠ ᠮᠣᠷᠢᠨ ᠤ ᠬᠥᠯ ᠤᠨ ᠰᠢᠨᠳᠠᠰᠤ᠂ ᠰᠢᠷᠪᠦᠰᠦ᠂ ᠦᠶ᠎ᠡ ᠪᠤᠯᠦᠠ ᠶᠠᠰᠤᠨ ᠤ ᠭᠡᠮᠲᠦᠯ ᠢ ᠳᠦᠷᠰᠦ ᠣᠨᠣᠰᠢᠯᠠᠭᠠᠨ ᠤ ᠠᠫᠫᠠᠷᠠᠲ ᠤᠳ ᠢᠶᠠᠷ ᠣᠨᠣᠰᠢᠯᠠᠵᠤ᠂ ᠡᠮᠴᠢᠯᠡᠵᠦ ᠪᠠᠶᠢᠨ᠎ᠡ᠃ ᠠᠳᠤᠭᠤᠨ ᠤ ᠬᠠᠮᠠᠷ ᠤᠨ  ᠬᠥᠨᠳᠡᠢ᠂ ᠵᠠᠯᠭᠢᠭᠤᠷ᠂ ᠴᠡᠭᠠᠠ ᠮᠥᠭᠡᠷᠰᠦᠨ ᠬᠤᠭᠤᠯᠠᠶ᠂ ᠤᠯᠠᠭᠠᠨ ᠬᠤᠭᠤᠯᠠᠶ᠂ ᠬᠤᠳᠤᠭᠤᠳᠤ ᠵᠡᠷᠭᠡ ᠳᠤ ᠳᠤᠷᠠᠨ ᠤ ᠣᠨᠣᠰᠢᠯᠠᠭ᠎ᠠ ᠬᠢᠵᠦ᠂ ᠤᠷᠤᠯᠳᠤᠭᠠᠨ ᠤ ᠠᠮᠵᠢᠯᠲᠠ ᠳᠤ  ᠰᠥᠷᠭᠦ ᠪᠠᠷ ᠨᠥᠯᠥᠭᠡᠯᠡᠬᠦ ᠵᠠᠯᠭᠢᠭᠤᠷ ᠤᠨ ᠰᠡᠬᠦᠭᠦᠷ ᠮᠥᠭᠡᠷᠰᠦᠨ ᠤ ᠭᠠᠵᠢᠭ ᠵᠠᠰᠠᠬᠤ᠂ ᠬᠡᠪᠡᠯᠢ ᠶᠢᠨ ᠬᠥᠨᠳᠡᠢ ᠶᠢ ᠨᠡᠭᠡᠭᠡᠬᠦ ᠵᠡᠷᠭᠡ ᠲᠣᠮᠤᠬᠠᠨ ᠮᠡᠰᠡ ᠵᠠᠰᠠᠯ ᠤᠳ ᠢ ᠠᠮᠵᠢᠯᠲᠠᠲᠠᠶ ᠬᠢᠵᠦ ᠪᠠᠶᠢᠨ᠎ᠡ ᠭᠡᠯ᠎ᠡ᠃

ᠰᠡᠳᠬᠢᠭᠳᠡᠯ ᠦᠯᠡᠳᠡᠭᠡᠬᠦ