ᠰ᠊ · ᠤᠳᠤᠨᠲᠤᠶᠠᠭ᠎ᠠ᠄ ᠠᠷᠠᠳ ᠲᠦᠮᠡᠨ ᠮᠤᠩᠭᠤᠯ ᠠᠷᠠᠳ ᠤᠨ ᠨᠠᠮ ᠳᠤ ᠳ᠋ᠦᠩ  ᠲᠠᠯᠪᠢᠵᠤ ᠪᠠᠶᠢᠨ᠎ᠡ | News.MN

 ᠰ᠊ · ᠤᠳᠤᠨᠲᠤᠶᠠᠭ᠎ᠠ᠄ ᠠᠷᠠᠳ ᠲᠦᠮᠡᠨ ᠮᠤᠩᠭᠤᠯ ᠠᠷᠠᠳ ᠤᠨ ᠨᠠᠮ ᠳᠤ ᠳ᠋ᠦᠩ  ᠲᠠᠯᠪᠢᠵᠤ ᠪᠠᠶᠢᠨ᠎ᠡ

ᠤᠯᠤᠰ ᠤᠨ ᠶᠡᠭᠡ ᠬᠤᠷᠠᠯ  ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠦᠷᠭᠦᠯᠵᠢᠯᠡᠵᠦ ᠪᠠᠶᠢᠨ᠎ᠡ᠃ ᠨᠡᠭᠦᠷᠡᠰᠦᠨ ᠤ ᠭᠡᠬᠦ ᠬᠤᠯᠠᠭᠠᠢ ᠶᠢᠨ ᠠᠰᠠᠭᠤᠳᠠᠯ᠂ ᠢᠷᠭᠡᠳ ᠤᠨ ᠡᠰᠡᠷᠭᠦᠴᠡᠯ ᠤᠨ ᠵᠢᠭᠰᠠᠭᠠᠯ ᠲᠠᠢ ᠬᠤᠯᠪᠣᠭ᠎ᠠ ᠲᠠᠢ ᠭᠡᠰᠢᠭᠦᠳ ᠥᠪᠡᠷᠰᠡᠳ ᠤᠨ ᠪᠠᠶᠢᠷᠢ ᠰᠠᠭᠤᠷᠢ ᠪᠠᠨ ᠢᠯᠡᠷᠬᠡᠶᠢᠯᠡᠵᠦ ᠪᠠᠶᠢᠨ᠎ᠡ᠃
ᠤᠯᠤᠰ ᠤᠨ ᠶᠡᠭᠡ ᠬᠤᠷᠠᠯ  ᠤᠨ ᠭᠡᠰᠢᠭᠦᠨ ᠰ᠊ ·ᠤᠳᠤᠨᠲᠤᠶᠠᠭ᠎ᠠ᠄ 2016 ᠣᠨ ᠠᠴᠠ ᠬᠤᠶᠢᠰᠢ ᠲᠥᠷᠦ ᠶᠢᠨ ᠪᠦᠬᠦ ᠡᠷᠭᠡ ᠮᠡᠳᠡᠯ ᠢ ᠳᠠᠩ ᠢᠶᠠᠷ ᠢᠶᠠᠨ ᠡᠳ᠋ᠯᠡᠵᠦ᠂ ᠬᠡᠨ ᠲᠠᠢ ᠴᠤ ᠬᠤᠪᠢᠶᠠᠯᠴᠠᠭ᠎ᠠ ᠦᠭᠡᠢ ᠨᠠᠮ ᠪᠣᠯ ᠮᠤᠩᠭᠤᠯ ᠠᠷᠠᠳ ᠤᠨ ᠨᠠᠮ ᠭᠡᠳᠡᠭ ᠲᠠᠢ ᠬᠡᠨ ᠴᠤ ᠮᠠᠷᠭᠤᠬᠤ ᠦᠭᠡᠢ᠃ ᠳᠤᠷ᠎ᠠ ᠵᠤᠷᠢᠭ ᠢᠶᠠᠷ ᠢᠶᠠᠨ ᠠᠭᠠᠰᠢᠯᠠᠭᠰᠠᠨ ᠤ ᠴᠢᠨᠢ ᠳ᠋ᠦᠩ ᠢ ᠲᠠᠯᠠᠪᠠᠢ ᠳᠡᠭᠡᠷ᠎ᠡ ᠠᠷᠠᠳ ᠲᠦᠮᠡᠨ ᠲᠠᠯᠪᠢᠵᠤ ᠪᠠᠶᠢᠨ᠎ᠡ᠃  ᠲᠠ ᠪᠦᠬᠦᠨ ᠢ ᠬᠦᠴᠦ ᠪᠠᠨ ᠨᠢᠭᠡᠳᠬᠡᠶ᠎ᠡ ᠭᠡᠬᠦ ᠳᠤ ᠠᠷᠠᠳ ᠲᠦᠮᠡᠨ ᠢᠲᠡᠭᠡᠭᠰᠡᠨ᠃ ᠭᠦᠢᠴᠡᠳᠬᠡᠬᠦ ᠵᠠᠰᠠᠭᠯᠠᠯ ᠨᠢ ᠬᠠᠤᠯᠢ ᠬᠢᠨᠠᠯᠲᠠ ᠶᠢᠨ ᠪᠠᠶᠢᠭᠤᠯᠤᠯᠭ᠎ᠠ ᠲᠠᠢ ᠬᠠᠪᠰᠤᠷᠤᠭᠠᠳ ᠠᠷᠡᠦᠠ ᠲᠦᠮᠡᠨ ᠢᠶᠠᠨ ᠳᠡᠭᠡᠷᠡᠮᠳᠡᠨ᠎ᠡ ᠭᠡᠵᠦ ᠠᠷᠠᠳ ᠲᠦᠮᠡᠨ ᠪᠣᠳᠤᠭ᠎ᠠ ᠦᠭᠡᠢ᠃ ᠬᠥᠮᠥᠨ ᠤ ᠡᠷᠬᠡ ᠶᠢ ᠤᠯᠠᠨ ᠳᠤ ᠪᠠᠨ ᠭᠢᠰᠬᠢᠬᠦ ᠶᠢᠨ ᠲᠥᠯᠥᠭᠡ ᠬᠦᠴᠦ ᠪᠠᠨ ᠨᠢᠭᠡᠳᠬᠡᠭᠰᠡᠨ ᠪᠠᠶᠢᠨ᠎ᠡ᠃ ᠵᠠᠬ᠎ᠠ ᠠᠴᠠ ᠪᠠᠨ ᠭᠡᠰᠢᠭᠦᠳ ᠴᠢᠨᠢ ᠭᠤᠮᠣᠳᠠᠯ ᠢᠶᠠᠨ ᠭᠠᠷᠭᠠᠭᠠᠳ ᠡᠬᠢᠯᠡᠯ᠎ᠡ᠃
ᠶᠠᠭᠤᠮ᠎ᠠ ᠯᠠ ᠪᠣᠯ ᠰᠥᠷᠭᠦ ᠬᠦᠴᠦᠨ ᠤᠷᠤᠭᠤ ᠪᠠᠨ ᠳᠠᠭᠠᠷᠢᠳᠠᠭ᠃ ᠲᠡᠮᠦᠷ ᠵᠠᠮ ᠤᠨ ᠨᠡᠷᠢᠠ ᠴᠠᠷᠢᠭ ᠢ  ᠲᠠᠯᠪᠢᠭ᠎ᠠ ᠦᠭᠡᠢ ᠡᠴᠡ ᠪᠣᠯᠵᠤ ᠠᠯᠳᠠᠭᠳᠠᠭᠰᠠᠨ ᠪᠣᠯᠣᠮᠵᠢ  ᠶᠢ ᠲᠡᠳᠡ ᠶᠠᠷᠢᠵᠤ ᠪᠠᠶᠢᠨ᠎ᠡ᠃ ᠮᠤᠩᠭᠤᠯ ᠠᠷᠠᠳ ᠤᠨ ᠨᠠᠮ ᠤᠨ 65 ᠭᠡᠰᠢᠭᠦᠨ ᠬᠤᠶᠠᠷ ᠭᠠᠷ ᠢᠶᠠᠷ ᠢᠶᠠᠨ ᠨᠡᠷᠢᠠ ᠴᠠᠷᠢᠭ ᠢᠶᠠᠷ ᠲᠠᠯᠪᠢᠬᠤ ᠲᠣᠭᠲᠠᠭᠠᠯ ᠢ ᠤᠰᠠᠳᠬᠠᠭᠰᠠᠨ᠃
ᠮᠤᠩᠭᠤᠯ ᠠᠷᠠᠳ ᠤᠨ ᠨᠠᠮ ᠨᠢᠭᠡ ᠠᠮᠠ ᠪᠠᠷ ᠢᠶᠠᠨ ᠰᠢᠭᠦᠬᠦ ᠭᠡᠮ ᠪᠤᠷᠤᠭᠤ ᠲᠠᠢ ᠶᠢ ᠨᠢ ᠨᠣᠲᠠᠯᠠᠭ᠎ᠠ ᠦᠭᠡᠢ ᠦᠶ᠎ᠡ ᠳᠤ ᠭᠡᠮ ᠪᠤᠷᠤᠭᠤ ᠲᠠᠢ ᠳᠤ ᠲᠣᠭᠠᠴᠢᠬᠤ ᠦᠭᠡᠢ ᠭᠡᠵᠦ ᠬᠡᠯᠡᠵᠦ ᠪᠠᠶᠢᠭ᠎ᠠ ᠴᠤ ᠨᠥᠭᠦᠭᠡ ᠭᠠᠷ ᠢᠶᠠᠷ ᠢᠶᠠᠨ ᠬᠥᠮᠥᠰ ᠢ ᠵᠠᠷᠯᠠᠭᠰᠠᠨ ᠢᠶᠠᠷ ᠢᠶᠠᠨ ᠬᠥᠮᠥᠨ ᠤ ᠡᠷᠬᠡ ᠶᠢᠨ ᠨᠤᠴᠢᠲᠠᠢ ᠵᠥᠷᠢᠴᠡᠯ ᠭᠠᠷᠭᠠᠵᠤ ᠪᠠᠶᠢᠨ᠎ᠡ ᠭᠡᠯ᠎ᠡ᠃

ᠰᠡᠳᠬᠢᠭᠳᠡᠯ ᠦᠯᠡᠳᠡᠭᠡᠬᠦ