ᠳᠡᠯᠡᠬᠡᠢ ᠶᠢᠨ ᠪᠠᠩᠬᠢ ᠲᠠᠢ ᠬᠠᠮᠲᠤᠷᠠᠨ ᠯᠤᠭᠢᠰᠲ᠋ᠢᠺ ᠤᠨ ᠲᠥᠪ᠂  ᠬᠠᠭᠤᠷᠠᠶ ᠪᠣᠭᠤᠮᠲᠠ ᠪᠠᠶᠢᠭᠤᠯᠤᠨ᠎ᠠ | News.MN

 ᠳᠡᠯᠡᠬᠡᠢ ᠶᠢᠨ ᠪᠠᠩᠬᠢ ᠲᠠᠢ ᠬᠠᠮᠲᠤᠷᠠᠨ ᠯᠤᠭᠢᠰᠲ᠋ᠢᠺ ᠤᠨ ᠲᠥᠪ᠂  ᠬᠠᠭᠤᠷᠠᠶ ᠪᠣᠭᠤᠮᠲᠠ ᠪᠠᠶᠢᠭᠤᠯᠤᠨ᠎ᠠ

ᠵᠡᠮ᠂ ᠲᠡᠭᠡᠭᠡᠪᠦᠷᠢ ᠶᠢᠨ ᠬᠥᠭᠵᠢᠯ ᠤᠨ ᠰᠠᠶᠢᠳ ᠰ᠊ · ᠪᠢᠮᠪᠠᠴᠣᠭᠲᠤ  ᠳᠤ12 ᠰᠠᠷ᠎ᠠ ᠶᠢᠨ 14 ᠳᠤ ᠳᠡᠯᠡᠬᠡᠢ ᠶᠢᠨ ᠪᠠᠩᠬᠢᠨ ᠤ ᠬᠢᠲᠠᠳ᠂ ᠮᠣᠩᠭᠤᠯ ᠢ ᠬᠠᠷᠢᠭᠤᠴᠠᠭᠰᠠᠨ ᠪᠦᠰᠡ ᠶᠢᠨ ᠵᠠᠬᠢᠷᠤᠯ  ᠮᠠᠷᠠ  ᠸᠠᠷᠸᠢᠺ ᠢ ᠬᠦᠯᠢᠶᠡᠨ ᠠᠪᠴᠤ ᠠᠭᠤᠯᠵᠠᠵᠤ᠂ ᠳᠡᠯᠡᠬᠡᠢ ᠶᠢᠨ ᠪᠠᠩᠻᠢ ᠶᠢᠨ ᠵᠢᠭᠡᠯᠡ ᠶᠢᠨ ᠬᠥᠷᠥᠩᠭᠡ ᠪᠠᠷ ᠬᠡᠷᠡᠭᠵᠢᠬᠦ︽ᠮᠣᠩᠭᠤᠯ ᠤᠯᠤᠰ ᠤᠨ ᠲᠡᠭᠡᠭᠡᠪᠦᠷᠢ ᠶᠢᠨ ᠬᠤᠯᠪᠣᠯᠲᠠ ᠪᠠ  ᠯᠤᠭᠢᠰᠲ᠋ᠢᠺ ᠢ ᠰᠠᠶᠢᠵᠢᠷᠠᠭᠤᠯᠬᠤ ᠲᠥᠰᠥᠯ︾ ᠤᠨ ᠶᠠᠪᠤᠴᠠ ᠪᠠᠶᠢᠳᠠᠯ᠂ ᠲᠤᠯᠭᠠᠮᠳᠠᠵᠤ ᠪᠤᠶ ᠠᠰᠠᠭᠤᠳᠠᠯ᠂  ᠴᠢᠨᠠᠭᠰᠢᠳᠠ ᠠᠪᠴᠤ ᠬᠡᠷᠡᠭᠵᠢᠭᠦᠯᠬᠦ ᠠᠷᠭ᠎ᠠ ᠬᠡᠮᠵᠢᠶᠡᠨ ᠤ ᠲᠠᠯ᠎ᠠ ᠪᠠᠷ ᠬᠡᠯᠡᠯᠴᠡᠯ᠎ᠡ᠃
ᠰᠠᠶᠢᠳ ᠰ᠊ ·ᠪᠢᠮᠪᠠᠴᠣᠭᠲᠤ ᠵᠠᠮ ᠤᠨ ᠡᠭᠦᠳᠡ ᠳᠤ  ᠬᠠᠭᠤᠷᠠᠶ ᠪᠣᠭᠤᠮᠲᠠ ᠪᠠᠶᠢᠭᠤᠯᠬᠤ ᠲᠧᠭᠨᠢᠭ ᠡᠳ᠋ ᠦᠨ ᠵᠠᠰᠠᠭ ᠤᠨ ᠦᠨᠳᠦᠰᠦᠯᠡᠯ ᠢ ᠪᠣᠯᠪᠠᠰᠤᠷᠠᠭᠤᠯᠬᠤ ᠳᠤ ᠬᠠᠮᠲᠤᠷᠠᠵᠤ ᠠᠵᠢᠯᠯᠠᠬᠤ ᠶᠢ ᠬᠦᠰᠡᠶ᠎ᠡ᠃ ᠮᠦᠠ АН4 ᠴᠢᠭᠯᠡᠯ ᠤᠨ ᠪᠠᠷᠠᠭᠤᠨ ᠪᠣᠰᠤᠭ᠎ᠠ ᠴᠢᠭᠯᠡᠯ ᠤᠨ ᠲᠡᠭᠡᠭᠡᠪᠦᠷᠢ ᠶᠢᠨ ᠺᠣᠷᠢᠳᠤᠷ ᠢᠶᠠᠨ ᠠᠰᠢᠭᠯᠠᠯᠲᠠ ᠳᠤ ᠣᠷᠣᠭᠤᠯᠤᠭᠰᠠᠨ᠃ ᠡᠭᠦᠨ ᠤ ᠳᠠᠭᠠᠤ ᠬᠤᠪᠳᠤ ᠠᠶᠢᠮᠠᠭ ᠲᠤ  ᠬᠠᠭᠤᠷᠠᠶ ᠪᠣᠭᠤᠮᠲᠠ ᠪᠠᠶᠢᠭᠤᠯᠬᠤ ᠲᠠᠯ᠎ᠠ ᠪᠠᠷ ᠰᠤᠳᠤᠯᠤᠨ ᠦᠵᠡᠬᠦ ᠶᠢ ᠬᠦᠰᠡᠶ᠎ᠡ᠃ ᠵᠡᠭᠦᠨ ᠪᠣᠰᠤᠭ᠎ᠠ ᠴᠢᠭᠯᠡᠯ ᠳᠤ ᠲᠡᠮᠦᠷ ᠵᠠᠮ ᠢᠶᠠᠷ ᠲᠡᠩᠬᠡᠯᠢᠭ ᠤᠨ ᠺᠣᠷᠢᠳᠤᠷ ᠢᠶᠠᠨ ᠬᠤᠯᠪᠦᠬᠤ ᠠᠵᠢᠯ ᠢ ᠡᠬᠢᠯᠡᠭᠦᠯᠵᠦ ᠪᠠᠶᠢᠭ᠎ᠠ᠃  ᠲᠤᠰ ᠲᠡᠮᠦᠷ ᠵᠠᠮ ᠢᠶᠠᠨ ᠲᠦᠰᠢᠭᠯᠡᠭᠰᠡᠨ ᠳᠣᠷᠣᠨᠠᠲᠤ ᠠᠶᠢᠮᠠᠭ ᠤᠨ ᠴᠣᠶᠢᠪᠠᠯᠰᠠᠩ ᠬᠤᠲᠠ ᠶᠢ ᠬᠠᠭᠤᠷᠠᠶ ᠪᠣᠭᠤᠮᠲᠠ ᠪᠣᠯᠭᠠᠬᠤ ᠨᠢ ᠵᠦᠢᠲᠠᠢ ᠬᠡᠮᠡᠨ ᠪᠠᠶᠢᠷᠢ ᠰᠠᠭᠤᠷᠢ ᠪᠠᠨ ᠢᠯᠡᠷᠬᠡᠢᠯᠡᠪᠡ᠃

ᠰᠡᠳᠬᠢᠭᠳᠡᠯ ᠦᠯᠡᠳᠡᠭᠡᠬᠦ