ᠴ᠊ · ᠪᠠᠲᠤᠴᠡᠴᠡᠭ ᠺᠠᠽᠠᠭ ᠺᠦᠷᠧᠰ  ᠤᠨ  ᠳᠡᠯᠡᠬᠡᠢ ᠶᠢᠨ ᠠᠪᠤᠷᠭᠤ ᠪᠣᠯᠣᠯ᠎ᠠ   | News.MN

ᠴ᠊ · ᠪᠠᠲᠤᠴᠡᠴᠡᠭ ᠺᠠᠽᠠᠭ ᠺᠦᠷᠧᠰ  ᠤᠨ  ᠳᠡᠯᠡᠬᠡᠢ ᠶᠢᠨ ᠠᠪᠤᠷᠭᠤ ᠪᠣᠯᠣᠯ᠎ᠠ  

ᠺᠠᠽᠠᠭ ᠺᠦᠷᠧᠰ ᠪᠥᠬᠡ ᠶᠢᠨ ᠨᠠᠰᠤᠨ ᠳᠤ ᠬᠦᠷᠦᠭᠰᠡᠳ ᠤᠨ 13 ᠳᠠᠬᠢ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠬᠠᠰᠠᠭᠰᠲ᠋ᠠᠨ ᠤ ᠠᠰᠲ᠋ᠠᠨᠠ ᠬᠤᠲᠠᠨ᠎ᠠ ᠪᠣᠯᠵᠤ ᠪᠠᠶᠢᠨ᠎ᠡ᠃ ᠡᠬᠢᠨ ᠤ ᠡᠳᠦᠷ ᠡᠷᠡᠭᠲᠡᠶᠢᠴᠦᠳ ᠤᠨ 82᠂ 90᠂ – 100᠂100᠂ ᠡᠮᠡᠭᠲᠡᠶᠢᠴᠦᠳ ᠤᠨ – 75᠂75 ᠵᠢᠩ ᠤᠨ ᠪᠠᠷᠢᠯᠳᠤᠭᠠᠨ ᠪᠣᠯᠣᠭᠰᠠᠨ ᠪᠥᠭᠡᠳ ᠮᠠᠨ ᠤ ᠲᠠᠮᠢᠷᠴᠢᠳ ᠨᠢᠭᠡ ᠠᠯᠳᠠ᠂ ᠨᠢᠭᠡ ᠬᠦᠷᠡᠯ ᠮᠧᠳᠠᠯ ᠬᠦᠷᠲᠡᠵᠡᠢ᠃ ᠲᠣᠳᠣᠷᠠᠭᠤᠯᠪᠠᠯ᠂ ᠡᠮᠡᠭᠲᠡᠶᠢᠴᠦᠳ ᠤᠨ – 75 ᠺᠢᠯᠣᠭ᠍ᠷᠠᠮ  ᠤᠨ ᠵᠢᠩ ᠳᠤ ᠴᠤᠭᠲᠤᠸ᠋ᠴᠢᠷ ᠤᠨ ᠪᠠᠲᠤᠴᠡᠴᠡᠭ ᠠᠯᠲᠠᠨ ᠮᠧᠳᠠᠯ ᠬᠦᠷᠲᠡᠭᠰᠡᠨ ᠪᠣᠯ ᠡᠷᠡᠭᠲᠡᠶᠢᠴᠦᠳ ᠤᠨ – 100 ᠺᠢᠯᠣᠭ᠍ᠷᠠᠮ ᠳᠤ ᠴᠣᠭᠲᠣᠪᠠᠭᠠᠲᠤᠷ ᠤᠨ ᠳᠠᠸᠠᠪᠠᠲᠤ ᠬᠦᠷᠡᠯ ᠮᠧᠳᠠᠯ ᠡᠵᠡᠨ ᠪᠣᠯᠣᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ