ᠬᠠᠰᠠᠭᠰᠲ᠋ᠠᠨ ᠤ ᠨᠡᠶᠢᠰᠯᠡᠯ ᠠᠰᠲ᠋ᠠᠨᠠ ᠳᠤ ᠪᠣᠯᠵᠤ ᠪᠠᠶᠢᠭ᠎ᠠ ᠻᠠᠽᠠᠭ ᠤᠨ ᠦᠨᠳᠦᠰᠦᠨ ᠤ ᠺᠦᠷᠧᠰ ᠪᠥᠬᠡ ᠶᠢᠨ ᠨᠠᠰᠤᠨ ᠳᠤ ᠬᠦᠷᠦᠭᠰᠡᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠡᠬᠢᠨ ᠤ ᠡᠳᠦᠷ ᠮᠠᠨ ᠤ ᠲᠠᠮᠢᠷᠴᠢᠳ ᠠᠯᠳᠠ᠂ ᠬᠦᠷᠡᠯ ᠮᠧᠳᠠᠯ ᠬᠦᠷᠲᠡᠭᠰᠡᠨ ᠶᠤᠮ᠃ ᠲᠡᠭᠡᠪᠡᠯ ᠲᠤᠰ ᠲᠡᠮᠡᠴᠡᠭᠡᠨ ᠤ ᠬᠤᠶᠠᠳᠠᠬᠢ ᠡᠳᠦᠷ ᠮᠠᠨ ᠤ ᠲᠠᠮᠢᠷᠴᠢᠳ ᠳᠠᠬᠢᠨ ᠳᠥᠷᠪᠡᠨ ᠮᠧᠳᠠᠯ ᠬᠦᠷᠲᠡᠵᠡᠢ᠃ ᠲᠤᠬᠠᠶᠢᠯᠠᠪᠠᠯ᠂ ᠡᠷᠡᠭᠲᠡᠶᠢᠴᠦᠳ ᠤᠨ 66 ᠺᠢᠯᠣᠭ᠍ᠷᠠᠮ ᠵᠢᠩ ᠳᠤ ᠡᠩᠬᠡᠲᠠᠶᠢᠪᠤᠩ ᠤᠨ ᠡᠩᠬᠡᠪᠣᠯᠣᠳ᠂ ᠡᠮᠡᠭᠲᠡᠶᠢᠴᠦᠳ ᠤᠨ 55 ᠺᠢᠯᠣᠭ᠍ᠷᠠᠮ ᠳᠤ ᠣᠳᠬᠤᠨᠵᠢᠷᠭᠠᠯ ᠤᠨ ᠰᠠᠷᠠᠨᠲᠤᠶᠠᠭ᠎ᠠ ᠨᠠᠷ ᠮᠦᠡᠭᠬᠦ᠂ ᠡᠷᠡᠭᠲᠡᠶᠢᠴᠦᠳ ᠤᠨ 60 ᠺᠢᠯᠣᠭ᠍ᠷᠠᠮ ᠳᠤ ᠡᠷᠳᠡᠨᠢᠰᠦ᠋ᠷᠤᠩ ᠤᠨ ᠥᠰᠬᠦᠪᠠᠶᠠᠷ᠂ 74 ᠺᠢᠯᠣᠭ᠍ᠷᠠᠮ ᠳᠤ ᠥᠯᠵᠡᠢᠪᠠᠶᠠᠷ ᠤᠨ ᠪᠢᠮᠪᠠᠰᠦ᠋ᠷᠦᠩ ᠨᠠᠷ ᠬᠦᠷᠡᠯ ᠮᠧᠳᠠᠯ ᠡᠵᠡᠳ ᠪᠣᠯᠣᠯ᠎ᠠ᠃