ᠠ᠊ ∙ ᠡᠩᠬᠡᠲᠤᠤᠯᠠElllobregat ᠣᠯᠠᠨ ᠤᠯᠤᠰ ᠤᠨ ᠲᠡᠮᠡᠴᠡᠭᠡᠨ ᠳᠦ ᠬᠣᠶᠠᠳᠤᠭᠠᠷ ᠪᠠᠶᠢᠷᠢ ᠡᠵᠡᠯᠡᠯ᠎ᠡ | News.MN

ᠠ᠊ ∙ ᠡᠩᠬᠡᠲᠤᠤᠯᠠElllobregat ᠣᠯᠠᠨ ᠤᠯᠤᠰ ᠤᠨ ᠲᠡᠮᠡᠴᠡᠭᠡᠨ ᠳᠦ ᠬᠣᠶᠠᠳᠤᠭᠠᠷ ᠪᠠᠶᠢᠷᠢ ᠡᠵᠡᠯᠡᠯ᠎ᠡ

 

ᠢᠰᠫᠠᠨᠢ ᠤᠯᠤᠰ  ᠲᠤ Elllobregat ᠣᠯᠠᠨ ᠤᠯᠤᠰ ᠤᠨ ᠲᠡᠮᠡᠴᠡᠭᠡᠨ ᠪᠣᠯᠵᠤ ᠥᠨᠳᠥᠷᠯᠡᠯ᠎ᠡ᠃ ᠲᠡᠮᠡᠴᠡᠭᠡᠨ ᠦ ᠮᠠᠰᠲ᠋ᠸᠷ ᠤᠳ ᠤᠨ ᠠ᠊ ᠠᠩᠭᠢᠯᠠᠯ ᠳᠤ ᠨᠡᠶᠢᠲᠡ 44 ᠣᠷᠣᠨ ᠤ 175 ᠰᠢᠲᠠᠷᠠᠴᠢᠳ᠂ ᠪ ᠠᠩᠭᠢᠯᠠᠯ ᠳᠤ 17 ᠣᠷᠣᠨ ᠤ 50 ᠰᠢᠲᠠᠷᠠᠴᠢᠳ ᠲᠤᠰ᠂ ᠲᠤᠰ ᠣᠷᠣᠯᠴᠠᠭᠰᠠᠨ ᠪᠥᠭᠡᠳ ᠮᠠᠨ ᠤ ᠤᠯᠤᠰ ᠠᠴᠠ ᠶᠡᠬᠡ ᠮᠠᠰᠲ᠋ᠸᠷ ᠠ᠊∙ᠡᠩᠬᠡᠲᠤᠤᠯᠠ ᠠ᠊ ᠠᠩᠭᠢᠯᠠᠯ ᠳᠤ᠂ ᠳᠡᠳ᠋ ᠮᠠᠰᠲ᠋ᠸᠷ ᠺ∙ᠵᠠᠨᠨᠤᠷ ᠪ ᠠᠩᠭᠢᠯᠠᠯ ᠳᠤ ᠣᠷᠣᠯᠴᠠᠭᠰᠠᠨ ᠪᠠᠶᠢᠨ᠎ᠠ᠃

ᠠ᠊ ᠠᠩᠭᠢᠯᠠᠯ ᠳᠤ ᠡᠮᠡᠭᠲᠡᠢ ᠰᠢᠲᠠᠷᠠᠴᠢᠳ ᠡᠷᠡᠴᠦᠳ ᠲᠡᠢ ᠥᠷᠢᠰᠦᠯᠳᠦᠵᠦ᠂ ᠲᠡᠳᠡᠨ ᠡᠴᠡ ᠬᠠᠮᠤᠭ ᠤᠨ ᠰᠠᠶᠢᠨ ᠲᠣᠭᠯᠠᠭᠰᠠᠨ ᠲᠠᠪᠤᠨ ᠰᠢᠲᠠᠷᠠᠴᠢᠳ ᠤᠨ ᠨᠢᠭᠡ ᠪᠡᠷ ᠰᠡᠯᠡᠩᠭᠡ ᠠᠶᠢᠮᠠᠭ ᠤᠨ ᠲᠠᠮᠢᠷᠴᠢᠨ᠂ ᠳᠣᠲᠣᠭᠠᠳᠤ ᠶᠢᠨ ᠴᠡᠷᠢᠭ ᠦᠨ 805ᠳ᠋ᠤᠭᠠᠷ ᠠᠩᠬᠢ ᠶᠢᠨ ᠠᠬᠠᠯᠠᠬᠤ ᠠᠬᠠᠯᠠᠭᠴᠢ᠂ ᠶᠡᠬᠡ ᠮᠠᠰᠲ᠋ᠸᠷ ᠠ᠊ ∙ ᠡᠩᠬᠡᠲᠤᠤᠯᠠ ᠱᠠᠩᠨᠠᠯᠲᠤ ᠳᠥᠷᠪᠡᠳᠦᠭᠡᠷ ᠪᠠᠶᠢᠷᠢ ᠡᠵᠡᠯᠡᠭᠰᠡᠨ ᠪᠠᠶᠢᠨ᠎ᠠ᠃ ᠮᠥᠨ ᠪᠯᠢᠼ ᠪᠤᠶᠤ ᠲᠦᠷᠭᠡᠨ ᠲᠣᠭᠯᠠᠯᠲᠠ ᠶᠢᠨ ᠲᠡᠮᠡᠴᠡᠭᠡᠨ ᠳᠦ ᠬᠣᠶᠠᠳᠤᠭᠠᠷ ᠪᠠᠶᠢᠷᠢ ᠶᠢ ᠡᠵᠡᠯᠡᠭᠰᠡᠨ ᠠᠮᠵᠢᠯᠲᠠ ᠭᠠᠷᠭᠠᠯ᠎ᠠ᠃

ᠰᠡᠳᠬᠢᠭᠳᠡᠯ ᠦᠯᠡᠳᠡᠭᠡᠬᠦ