ᠭ ∙ ᠠᠨᠤᠵᠢᠨ ᠳᠡᠯᠡᠬᠡᠢ ᠶᠢᠨ ᠠᠪᠤᠷᠭᠤ ᠳᠤ ᠨᠠᠢ᠌ᠮᠠᠳᠤᠭᠠᠷ ᠪᠠᠶᠢᠷᠢ ᠡᠵᠡᠯᠡᠯ᠎ᠡ | News.MN

ᠭ ∙ ᠠᠨᠤᠵᠢᠨ ᠳᠡᠯᠡᠬᠡᠢ ᠶᠢᠨ ᠠᠪᠤᠷᠭᠤ ᠳᠤ ᠨᠠᠢ᠌ᠮᠠᠳᠤᠭᠠᠷ ᠪᠠᠶᠢᠷᠢ ᠡᠵᠡᠯᠡᠯ᠎ᠡ

ᠬᠦᠨᠳᠦ ᠶᠢᠨ ᠡᠷᠭᠦᠯᠲᠡ ᠶᠢᠨ 2022 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠺᠣᠯᠤᠮᠪᠤ ᠶᠢᠨ ᠨᠡᠶᠢᠰᠯᠡᠯ  ᠳᠤ ᠪᠣᠯᠵᠤ ᠪᠠᠶᠢᠨ᠎ᠠ᠃ ᠲᠡᠮᠡᠴᠡᠭᠡᠨ ᠳᠦ ᠮᠠᠨ ᠤ ᠤᠯᠤᠰ ᠠᠴᠠ 5 ᠲᠠᠮᠢᠷᠴᠢᠨ ᠣᠷᠣᠯᠴᠠᠵᠤ ᠪᠠᠶᠢᠭ᠎ᠠ ᠪᠥᠭᠡᠳ ᠥᠴᠥᠭᠡᠳᠦᠷ ᠭ ∙ ᠠᠨᠤᠵᠢᠨ ᠡᠮᠡᠭᠲᠡᠶᠢᠴᠦᠳ ᠦᠨ -64  ᠺᠢᠯᠦᠭᠷᠡᠮ ᠵᠢᠩ ᠳᠦ ᠨᠠᠢ᠌ᠮᠠᠳᠤᠭᠠᠷ ᠪᠠᠶᠢᠷᠢ ᠡᠵᠡᠯᠡᠯ᠎ᠡ᠃ ᠲᠣᠳᠣᠷᠠᠭᠤᠯᠪᠠᠯ᠂ ᠣᠭᠴᠣᠮ ᠢᠶᠠᠷ 94᠂ ᠲᠦᠯᠬᠢᠯᠲᠡ ᠪᠡᠷ 115 ᠺᠢᠯᠦᠭᠷᠡᠮ᠂ ᠨᠡᠶᠢᠲᠡ 209 ᠺᠢᠯᠦᠭᠷᠡᠮ ᠡᠷᠭᠦᠵᠦ ᠶᠡᠬᠡ ᠪᠷᠢᠲ᠋ᠠᠨ ᠤ ᠲᠠᠮᠢᠷᠴᠢᠨ ᠲᠠᠢ ᠣᠨᠣᠭ᠎ᠠ ᠲᠡᠩᠴᠡᠭᠰᠡᠨ ᠶᠤᠮ᠃ ᠲᠡᠭᠦᠨ ᠦ ᠵᠢᠩ ᠳᠦ ᠬᠢᠲᠠᠳ ᠤᠨ ᠵᠢᠩ ᠢ ᠫᠧᠢ ᠠᠯᠲᠠᠨ ᠮᠧᠳᠠᠯ ᠬᠦᠷᠲᠡᠭᠰᠡᠨ ᠪᠣᠯ ᠲᠠᠢᠯᠠᠨᠳ᠋᠂ ᠺᠣᠯᠤᠮᠪᠤ ᠶᠢᠨ ᠲᠠᠮᠢᠷᠴᠢᠳ ᠤᠳᠠᠭᠠᠯᠠᠵᠠᠢ᠃

ᠪ ∙ᠬᠤᠩᠭᠤᠷᠵᠤᠯᠠ ᠡᠮᠡᠭᠲᠡᠶᠢᠴᠦᠳ ᠦᠨ -59 ᠺᠢᠯᠦᠭᠷᠡᠮ ᠵᠢᠩ ᠳᠦ 32 ᠳ᠋ᠤᠭᠠᠷ ᠪᠠᠶᠢᠷᠢ᠂ ᠡ᠊ ∙ ᠡᠩᠬᠡᠲᠠᠮᠢᠷ ᠡᠮᠡᠭᠲᠡᠶᠢᠴᠦᠳ ᠦᠨ -55  ᠺᠢᠯᠦᠭᠷᠡᠮ ᠵᠢᠩ ᠳᠦ 21  ᠳᠦᠭᠡᠷ ᠪᠠᠶᠢᠷᠢ ᠲᠤᠰ ᠲᠤᠰ ᠡᠵᠡᠯᠡᠭᠰᠡᠨ ᠶᠤᠮ᠃

ᠰᠡᠳᠬᠢᠭᠳᠡᠯ ᠦᠯᠡᠳᠡᠭᠡᠬᠦ