ᠵᠢᠦ᠋ᠳᠣ᠋ ᠪᠥᠬᠡ ᠶᠢᠨ ᠶᠡᠬᠡ ᠳᠤᠭᠤᠯᠠᠭ᠎ᠠ ᠶᠠᠫᠣᠨ ᠤ ᠨᠡᠶᠢᠰᠯᠡᠯ ᠲᠤᠤᠺᠢᠤ᠋ ᠬᠤᠲᠠᠨ᠎ᠠ ᠠᠷᠪᠠᠨ ᠬᠣᠶᠠᠳᠤᠭᠠᠷ ᠰᠠᠷ᠎ᠠ ᠶᠢᠨ 3-4 ᠳᠦ ᠪᠣᠯᠤᠨ᠎ᠠ᠃ ᠲᠡᠮᠡᠴᠡᠭᠡᠨ ᠳᠦ 63 ᠣᠷᠣᠨ ᠤ ᠨᠡᠶᠢᠲᠡ 367︵ᠡᠷᠡᠭᠲᠡᠢ 216᠂ ᠡᠮᠡᠭᠲᠡᠢ 151︶ ᠲᠠᠮᠢᠷᠴᠢᠨ ᠥᠷᠢᠰᠥᠯᠳᠥᠬᠦ ᠪᠣᠯ ᠮᠠᠨ ᠤ ᠤᠯᠤᠰ ᠠᠴᠠ 13 ᠵᠢᠦ᠋ᠳᠤᠴᠢ ᠤᠷᠤᠯᠴᠠᠨ᠎ᠠ᠃
ᠲᠣᠳᠣᠷᠠᠭᠤᠯᠪᠠᠯ᠂ ᠲᠡᠮᠡᠴᠡᠭᠡᠨ ᠦ ᠡᠷᠡᠭᠲᠡᠶᠢᠴᠦᠳ ᠦᠨ 60 ᠺᠢᠯᠦᠭᠷᠡᠮ ᠦᠨ ᠵᠢᠩ ᠳᠦ ᠡ᠊ ∙ᠠᠷᠢᠭᠤᠨᠪᠤᠯᠤᠳ ᠂ ᠪ ∙ ᠴᠤᠭᠲᠤᠸ᠋ᠴᠢᠷ᠂ 66 ᠺᠢᠯᠦᠭᠷᠡᠮ ᠳᠦ ᠶᠣ᠊∙ ᠪᠠᠰᠠᠬᠦᠦ᠂ ᠪ∙ᠨᠠᠷᠠᠮᠠᠨᠳᠤᠬᠤ᠂ 73 ᠺᠢᠯᠦᠭᠷᠡᠮ ᠳᠦ ᠼ∙ᠴᠣᠭᠲᠤᠪᠠᠭᠠᠲᠤᠷ᠂ 81 ᠺᠢᠯᠦᠭᠷᠡᠮ ᠳᠦ ᠯ ∙ ᠰᠡᠷᠭᠦᠯᠡᠩ᠂ -100 ᠺᠢᠯᠦᠭᠷᠡᠮ ᠳᠦ ᠣ᠊ ∙ ᠬᠠᠩᠭᠠᠯ᠂ +100 ᠺᠢᠯᠦᠭᠷᠡᠮ ᠳᠦ ᠯ ∙ᠡᠩᠬᠡᠪᠣᠯᠤᠳ᠂ ᠣ᠊ ∙ ᠴᠡᠴᠡᠨᠴᠡᠩᠭᠡᠯ ᠨᠠᠷ ᠪᠠᠷᠢᠯᠳᠤᠨ᠎ᠠ᠃ ᠬᠠᠷᠢᠨ ᠡᠮᠡᠭᠲᠡᠶᠢᠴᠦᠳ ᠦᠨ 52 ᠺᠢᠯᠦᠭᠷᠡᠮ ᠤᠨ ᠵᠢᠩ ᠳᠦ ᠯ ∙ ᠰᠤᠰᠤᠷᠪᠠᠷᠠᠮ᠂ 57 ᠺᠢᠯᠦᠭᠷᠡᠮ ᠳᠦ ᠯ ∙ᠡᠩᠬᠦᠷᠡᠶᠢᠯᠡᠨ᠂ -78 ᠺᠢᠯᠦᠭᠷᠡᠮ ᠳᠦ ᠣ᠊∙ ᠬᠦᠰᠡᠯᠡᠩ᠂ +78 ᠺᠢᠯᠦᠭᠷᠡᠮ ᠳᠦ ᠡ᠊ ∙ ᠡᠩᠬᠡᠵᠤᠯᠠ ᠨᠠᠷ ᠵᠣᠳᠣᠭᠯᠠᠬᠤ ᠶᠤᠮ᠃