ᠪᠠᠷᠯᠠᠬᠤ ᠤᠷᠠᠯᠢᠭ ᠤᠨ ᠪᠦᠲᠦᠭᠡᠯ ᠢᠶᠡᠷ ᠦᠵᠡᠰᠬᠦᠯᠡᠩ ᠨᠡᠭᠡᠭᠡᠯ᠎ᠡ | News.MN

ᠪᠠᠷᠯᠠᠬᠤ ᠤᠷᠠᠯᠢᠭ ᠤᠨ ᠪᠦᠲᠦᠭᠡᠯ ᠢᠶᠡᠷ ᠦᠵᠡᠰᠬᠦᠯᠡᠩ ᠨᠡᠭᠡᠭᠡᠯ᠎ᠡ

ᠥᠪᠦᠷᠬᠠᠩᠭᠠᠢ ᠠᠶᠢᠮᠠᠭ ᠤᠨ ᠵᠢᠷᠤᠭᠠᠴᠢ᠂ ᠤᠷᠠᠴᠤᠳ ᠤᠨ《ᠪᠠᠷᠲᠤ ᠬᠦᠷᠢᠶ᠎ᠡ》ᠲᠥᠷᠦ ᠶᠢᠨ ᠪᠤᠰᠤ ᠪᠠᠶᠢᠭᠤᠯᠤᠯᠭ᠎ᠠ᠂ ᠮᠣᠩᠭᠣᠯ ᠤᠨ ᠤᠷᠠᠴᠤᠳ ᠤᠨ ᠡᠪᠯᠡᠯ ᠦᠨ ᠥᠪᠦᠷᠬᠠᠩᠭᠠᠢ ᠠᠶᠢᠮᠠᠭ ᠲᠡᠬᠢ ᠰᠠᠯᠪᠤᠷᠢ ᠬᠠᠮᠲᠤᠷᠠᠨ《ᠪᠠᠷᠯᠠᠬᠤ ᠤᠷᠠᠯᠢᠭ》 ᠦᠵᠡᠰᠬᠦᠯᠡᠩ ᠢ ᠥᠨᠥᠳᠥᠷ ᠨᠡᠭᠡᠭᠡᠯ᠎ᠡ᠃

ᠦᠵᠡᠰᠬᠦᠯᠡᠩ ᠳᠦ ᠠᠶᠢᠮᠠᠭ ᠤᠨ ᠮᠦᠽᠧᠢ ᠶᠢᠨ ᠰᠠᠩ ᠬᠥᠮᠥᠷᠭᠡ ᠳᠦ ᠬᠠᠳᠠᠭᠠᠯᠠᠭᠳᠠᠵᠤ ᠪᠠᠶᠢᠭ᠎ᠠ 100 ᠭᠠᠷᠤᠢ ᠮᠣᠳᠣᠨ ᠪᠠᠷ ᠠᠴᠠ 34 ᠪᠠᠷ᠂ ᠭᠠᠨᠳᠠᠩᠫᠦᠨᠴᠣᠭᠯᠢᠨ ᠬᠡᠶᠢᠳ ᠦᠨ ᠰᠠᠩ ᠬᠥᠮᠥᠷᠭᠡ ᠳᠦ ᠬᠠᠳᠠᠭᠠᠯᠠᠭᠳᠠᠵᠤ ᠪᠠᠶᠢᠭ᠎ᠠ ᠮᠣᠳᠣ᠂ ᠵᠡᠰ ᠪᠦᠬᠦᠢ 16 ᠪᠠᠷ᠂ ᠮᠣᠩᠭᠣᠯ ᠤᠨ ᠤᠷᠠᠴᠤᠳ ᠤᠨ ᠡᠪᠯᠡᠯ  ᠤᠨ ᠭᠡᠰᠢᠭᠦᠨ ᠵᠢᠷᠤᠭᠠᠴᠢ ᠳ ∙ ᠳᠣᠷᠵᠢᠰᠦ᠋ᠷᠦᠩ ᠦᠨ ᠤᠷᠠᠨ ᠪᠦᠲᠦᠭᠡᠯ᠂ ᠵᠢᠷᠤᠭᠠᠴᠢ ᠨ ∙ ᠪᠠᠢᠭᠠᠯᠢᠮ᠎ᠠ ᠶᠢᠨ ᠲᠤᠤᠷ ᠤᠨ ᠬᠡᠪᠯᠡᠯ ᠦᠨ ᠪᠦᠲᠦᠭᠡᠯ ᠢ ᠲᠤᠰ ᠲᠤᠰ ᠳᠡᠯᠭᠡᠵᠦ ᠪᠠᠶᠢᠨ᠎ᠠ᠃ ᠦᠵᠡᠰᠬᠦᠯᠡᠩ 12 ᠳ᠋ᠤᠭᠠᠷ ᠰᠠᠷ᠎ᠠ ᠶᠢᠨ 4 ᠬᠦᠷᠲᠡᠯ᠎ᠡ ᠦᠷᠭᠦᠯᠵᠢᠯᠡᠨ᠎ᠡ᠃

ᠰᠡᠳᠬᠢᠭᠳᠡᠯ ᠦᠯᠡᠳᠡᠭᠡᠬᠦ