ᠬᠢᠲᠠᠳ ᠤᠷᠤᠭᠤ 550.8 ᠲᠣᠨ ᠮᠢᠬ᠎ᠠ ᠭᠠᠷᠭᠠᠵᠠᠢ | News.MN

ᠬᠢᠲᠠᠳ ᠤᠷᠤᠭᠤ 550.8 ᠲᠣᠨ ᠮᠢᠬ᠎ᠠ ᠭᠠᠷᠭᠠᠵᠠᠢ

ᠮᠢᠬ᠎ᠠ ᠮᠢᠬᠠᠨ ᠪᠦᠲᠦᠭᠡᠭᠳᠡᠬᠦᠨ ᠤ ᠡᠺᠰᠫᠣᠷᠲ ᠰᠡᠷᠭᠦᠵᠦ᠂ ᠡᠨᠡ ᠰᠠᠷ᠎ᠠ ᠶᠢᠨ 15 ᠠᠴᠠ  ᠬᠢᠲᠠᠳ ᠤᠷᠤᠭᠤ ᠭᠠᠷᠭᠠᠵᠤ ᠡᠬᠢᠯᠡᠭᠰᠡᠨ   ᠲᠠᠯ᠎ᠠ ᠪᠠᠷ  ᠬᠦᠨᠡᠰᠦ ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠤ ᠬᠦᠨᠡᠰᠦᠨ ᠤ ᠦᠢᠯᠡᠳᠪᠦᠷᠢ ᠶᠢᠨ ᠪᠣᠳᠣᠯᠭ᠎ᠠ ᠶᠢᠨ ᠬᠡᠷᠡᠭᠵᠢᠯᠲᠡ ᠶᠢ ᠵᠤᠬᠢᠴᠠᠭᠤᠯᠬᠤ ᠭᠠᠵᠠᠷ ᠤᠨ ᠳᠠᠷᠤᠭ᠎ᠠ ᠳ᠋᠊ · ᠳᠤᠪᠴᠢᠨᠰᠦ᠋ᠷᠤᠩ ᠮᠡᠳᠡᠭᠡᠯᠡᠯ  ᠥᠭᠭᠦᠯ᠎ᠡ᠃
ᠲᠡᠷᠡ ᠪᠠᠷ᠄ ᠦᠡᠭᠭᠡᠷᠡᠭᠰᠡᠠ ᠳᠣᠯᠤᠭ᠎ᠠ ᠬᠤᠨᠤᠭ ᠲᠤ ᠮᠠᠨ ᠤ  ᠤᠯᠤᠰ  ᠬᠢᠲᠠᠳ ᠤᠷᠤᠭᠤ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ 26 ᠴᠢᠩᠭᠡᠯᠢᠭ ᠪᠤᠶᠤ 550.8 ᠲᠣᠨ ᠮᠢᠬ᠎ᠠ ᠭᠠᠷᠭᠠᠭᠰᠠᠨ᠃  ᠲᠡᠰᠢ ᠪᠡᠨ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ ᠬᠤᠨᠢ᠂ ᠢᠮᠠᠭ᠎ᠠ᠂ ᠦᠬᠡᠷ ᠤᠨ ᠮᠢᠬ᠎ᠠ ᠭᠠᠷᠭᠠᠵᠤ᠂ ᠠᠳᠤᠭᠤᠨ ᠤ ᠮᠢᠬ᠎ᠠ ᠶᠢ ᠲᠦᠭᠦᠬᠡᠢ ᠪᠠᠷ ᠡᠺᠰᠫᠣᠷᠲᠯᠠᠵᠤ ᠪᠠᠶᠢᠭ᠎ᠠ᠃

ᠡᠨᠡ ᠵᠢᠯ ᠬᠤᠳᠠ ᠰᠠᠭᠤᠷᠢᠨ ᠭᠠᠵᠠᠷ ᠤᠨ ᠬᠥᠮᠦᠨ ᠠᠮᠠ ᠶᠢᠨ ᠬᠡᠷᠡᠭᠯᠡᠭᠡᠨ ᠳᠤ 13  ᠰᠠᠶ᠎ᠠ ᠮᠠᠯ ᠨᠡᠶᠢᠯᠡᠭᠦᠯᠬᠦ ᠪᠠᠷ ᠲᠥᠯᠦᠪᠯᠡᠭᠰᠡᠨ᠃ ᠬᠠᠷᠢᠨ ᠡᠺᠰᠫᠣᠷᠲ ᠲᠤ 6.5  ᠰᠠᠶ᠎ᠠ ᠲᠣᠯᠤᠭᠠᠢ ᠮᠠᠯ ᠪᠤᠶᠤ 180 ᠮᠢᠩᠭ᠎ᠠ ᠣᠷᠴᠢᠮ ᠲᠣᠨ ᠢ ᠭᠠᠷᠭᠠᠬᠤ ᠪᠦᠷᠢᠠ ᠪᠣᠯᠣᠮᠵᠢ ᠲᠠᠢ ᠭᠡᠰᠡᠨ ᠲᠣᠭᠠᠴᠠᠭ᠎ᠠ ᠰᠤᠳᠤᠯᠭ᠎ᠠ ᠪᠤᠢ ᠭᠡᠵᠦ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠰᠡᠩᠭᠦᠷ 2022-11-29 8.212.5.114

ᠵᠢᠭᠠᠬᠠᠨ ᠦᠨ᠎ᠡ ᠲᠡᠶ ᠬᠤᠳᠠᠯᠳᠤᠵᠤ ᠴᠢᠳᠠᠪᠠᠯ ᠶᠠᠮᠠᠷ ᠰᠠᠶᠢᠨ ᠪᠣᠢ ⁈ ᠳᠠᠩᠴᠤ ᠬᠢᠮᠳᠠᠬᠠᠨ ᠶᠤᠮ ᠳ᠋ᠠ ᠃