16 ᠨᠠᠰᠤᠯᠠᠭᠰᠠᠨ ᠤ ᠢᠷᠭᠡᠨ ᠤ ᠠᠨᠳᠠᠭᠠᠶ ᠡᠷᠭᠦᠯ᠎ᠡ | News.MN

16 ᠨᠠᠰᠤᠯᠠᠭᠰᠠᠨ ᠤ ᠢᠷᠭᠡᠨ ᠤ ᠠᠨᠳᠠᠭᠠᠶ ᠡᠷᠭᠦᠯ᠎ᠡ

ᠮᠣᠩᠭᠤᠯ ᠤᠯᠤᠰ ᠤᠨ ᠵᠠᠰᠠᠭ ᠤᠨ ᠭᠠᠵᠠᠷ᠂ ᠭᠡᠷ ᠪᠦᠯᠢ᠂ ᠬᠡᠦᠬᠡᠳ᠂ ᠵᠠᠯᠠᠭᠤᠴᠤᠳ ᠤᠨ ᠬᠥᠭᠵᠢᠯ ᠤᠨ ᠭᠠᠵᠠᠷ ᠪᠤᠯᠦᠠ  ᠮᠣᠩᠭᠣᠯ ᠤᠨ ᠵᠠᠯᠠᠭᠤᠴᠤᠳ ᠤᠨ ᠬᠤᠯᠪᠣᠭ᠎ᠠ ᠲᠠᠢ ᠬᠠᠮᠲᠤᠷᠠᠨ︽ᠮᠣᠩᠭᠤᠯ ᠤᠯᠤᠰ ᠤᠨ ᠢᠷᠭᠡᠨ ᠤ ᠠᠨᠳᠠᠭᠠᠶ ᠡᠷᠬᠦᠬᠦ ᠶᠣᠰᠣᠯᠠᠯ︾ ᠤᠨ ᠦᠶᠯᠡ ᠠᠵᠢᠯᠯᠠᠭ᠎ᠠ ᠶᠢ ᠬᠤᠷᠢᠳᠠᠬᠢ ᠵᠢᠯ ᠳᠤ ᠪᠠᠨ ᠵᠣᠬᠢᠶᠠᠨ ᠪᠠᠶᠢᠭᠤᠯᠵᠤ ᠪᠠᠶᠢᠨ᠎ᠡ᠃ ᠮᠣᠩᠭᠤᠯ ᠤᠯᠤᠰ ᠤᠨ ᠬᠡᠮᠵᠢᠶᠡᠨ ᠳᠤ 16 ᠨᠠᠰᠤᠲᠠᠢ 44331 ᠢᠷᠭᠡᠠ ᠪᠠᠶᠢᠭ᠎ᠠ  ᠶᠤᠮ᠃

ᠶᠣᠰᠣᠯᠠᠯ ᠤᠨ ᠠᠷᠭ᠎ᠠ ᠬᠡᠮᠵᠢᠶᠡᠨ ᠳᠤ 16 ᠨᠡᠰᠦ ᠬᠦᠷᠴᠦ᠂ ᠢᠷᠭᠡᠨ ᠤ ᠦᠨᠡᠮᠯᠡᠬᠦ ᠪᠠᠨ ᠠᠪᠬᠤ ᠥᠰᠪᠦᠷᠢ ᠦᠶ᠎ᠡ ᠶᠢᠨ ᠵᠠᠯᠠᠭᠤᠰ ᠠᠴᠠ ᠨᠡᠶᠢᠭᠡᠮ ᠳᠤ ᠬᠥᠭᠵᠢᠯ᠂ ᠣᠷᠣᠯᠴᠠᠭ᠎ᠠ ᠪᠠᠷ ᠢᠶᠠᠨ ᠲᠡᠭᠦᠴᠡᠭᠡᠯᠡᠵᠦ ᠪᠤᠶ 800 ᠭᠠᠷᠦᠢ ᠥᠰᠪᠦᠷᠢ ᠦᠶ᠎ᠡ ᠶᠢᠨ ᠵᠠᠯᠠᠭᠤᠰ ᠲᠥᠷᠦ ᠶᠢᠨ ᠣᠷᠳᠣᠨ᠎ᠠ ᠮᠣᠩᠭᠤᠯ ᠤᠯᠤᠰ ᠤᠨ ᠢᠷᠭᠡᠨ ᠤ ᠠᠨᠳᠠᠭᠠᠶ ᠡᠷᠭᠦᠬᠦ ᠶᠢᠨ ᠵᠡᠷᠭᠡᠴᠡᠭᠡ 21 ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠲᠤ ᠮᠦᠠ ᠠᠳᠡᠯᠢ ᠢᠷᠭᠡᠨ ᠤ ᠠᠨᠳᠠᠭᠠᠶ ᠡᠷᠬᠦᠬᠦ ᠶᠣᠰᠣᠯᠠᠯ ᠤᠨ ᠠᠷᠭ᠎ᠠ ᠭᠡᠮᠵᠢᠶ᠎ᠠ ᠪᠤᠯᠵᠠᠢ᠃︽ᠢᠷᠭᠡᠨ ᠤ ᠠᠨᠳᠠᠭᠠᠶ︾ᠡᠷᠭᠦᠭᠦᠯᠬᠦ ᠨᠢ ᠲᠡᠤᠬᠡ ᠰᠣᠶᠣᠯ ᠢᠶᠠᠨ ᠳᠡᠭᠡᠳᠦᠯᠡᠭᠰᠡᠨ᠂ ᠡᠬᠡ ᠣᠷᠣᠨᠴᠢ ᠦᠵᠡᠯ ᠲᠠᠢ᠂ ᠡᠭᠦᠷᠭᠡ ᠬᠠᠷᠢᠭᠤᠴᠠᠯᠭ᠎ᠠ ᠪᠠᠨ ᠤᠬᠠᠮᠰᠠᠷᠯᠠᠭᠰᠠᠨ ᠢᠷᠭᠡᠠ ᠪᠣᠯᠭᠠᠨ ᠲᠥᠯᠥᠪᠰᠢᠭᠦᠯᠬᠦ ᠳᠤ ᠴᠢᠭᠯᠡᠵᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ