ᠰᠠᠭᠰᠤᠨ ᠪᠥᠮᠪᠦᠭᠡ ᠶᠢᠨ ᠲᠡᠭᠡᠳᠦ ᠯᠢᠭ ᠤᠨ ᠲᠣᠭᠯᠠᠯᠲᠠ ᠡᠬᠢᠯᠡᠨ᠎ᠡ | News.MN

ᠰᠠᠭᠰᠤᠨ ᠪᠥᠮᠪᠦᠭᠡ ᠶᠢᠨ ᠲᠡᠭᠡᠳᠦ ᠯᠢᠭ ᠤᠨ ᠲᠣᠭᠯᠠᠯᠲᠠ ᠡᠬᠢᠯᠡᠨ᠎ᠡ

ᠮᠣᠩᠭᠣᠯ ᠤᠨ ᠰᠠᠭᠰᠤᠨ ᠪᠥᠮᠪᠦᠭᠡ ᠶᠢᠨ ᠬᠤᠯᠪᠤᠭᠠᠨ ᠤ 2022-2023 ᠣᠨ ᠤ ᠦᠨᠳᠦᠰᠦᠨ ᠤ ᠲᠡᠭᠡᠳᠦ ᠯᠢᠭ ᠤᠨ ᠰᠢᠨ᠎ᠡ ᠤᠯᠠᠷᠢᠯ ᠤᠨ ᠨᠡᠭᠡᠭᠡᠯᠲᠡ ᠶᠢᠨ ᠲᠣᠭᠯᠠᠯᠲᠠ ᠠᠷᠪᠠᠨ ᠬᠤᠶᠠᠳᠤᠭᠠᠷ ᠰᠠᠷ᠎ᠠ ᠶᠢᠨ ᠨᠢᠭᠡᠨ ᠦ ᠡᠳᠦᠷ UG Arena ᠣᠷᠳᠣᠨ ᠳᠤ ᠪᠣᠯᠤᠨ᠎ᠠ᠃ ᠨᠡᠭᠡᠭᠡᠯᠲᠡ ᠶᠢᠨ ᠲᠣᠭᠯᠠᠯᠲᠠ ᠶᠢᠨ ᠬᠤᠪᠢᠶᠠᠷᠢ 16:00 ᠴᠠᠭ ᠲᠤ ᠡᠮᠡᠭᠳᠡᠢ ᠪᠠᠭ ᠤᠨ ᠲᠣᠭᠯᠠᠯᠲᠠ ᠪᠠᠷ ᠡᠬᠢᠯᠡᠵᠦ᠂ ︽ᠤᠯᠠᠭᠠᠨᠪᠠᠭᠠᠲᠤᠷ  ᠠᠮᠠᠽᠤᠨᠰ︾ᠪᠠᠭ᠂ ᠡᠷᠳᠡᠨᠢᠲᠦ ᠶᠢᠨ ︽ᠠᠭᠤᠷᠬᠠᠶᠢᠴᠢᠳ︾ᠪᠠᠭ ᠲᠠᠢ ᠲᠤᠯᠤᠨ᠎ᠠ᠃ ᠬᠠᠷᠢᠨ  ᠠᠷᠤᠬᠠᠩᠭᠠᠢ ᠶᠢᠨ ︽ᠠᠯᠲᠠᠨ ᠳᠣᠷᠣᠨᠠᠲᠤ ᠶᠢᠨ ᠳᠠᠶᠢᠴᠢᠳ︾ ᠪᠠᠭ᠂ ︽ᠲᠡᠨᠢᠭᠦᠨ ᠥᠯᠵᠡᠶ︾ ᠪᠠᠭ ᠲᠠᠢ 18:00 ᠴᠠᠭ ᠠᠴᠠ ᠲᠣᠭᠯᠠᠬᠤ ᠬᠤᠪᠢᠶᠠᠷᠢ ᠭᠠᠷᠤᠭᠰᠠᠨ ᠪᠠᠶᠢᠨ᠎ᠡ᠃ ᠲᠡᠮᠡᠴᠡᠭᠡᠨ ᠤ ᠨᠡᠭᠡᠭᠡᠯᠲᠡ ᠶᠢᠨ ᠳᠠᠷᠠᠭ᠎ᠠ 20:30 ᠴᠠᠭ ᠲᠤ ︽ᠬᠥᠯᠥᠭ ᠤᠳ︾ᠪᠠᠭ᠂ ᠡᠷᠳᠡᠨᠢᠲᠦ ᠶᠢᠨ︽ᠠᠭᠤᠷᠬᠠᠶᠢᠴᠢᠳ︾ᠪᠠᠭ ᠲᠠᠢ ᠲᠣᠭᠯᠠᠨ᠎ᠠ ᠭᠡᠵᠦ ᠮᠣᠩᠭᠣᠯ ᠤᠨ ᠰᠠᠭᠰᠤᠨ ᠪᠥᠮᠪᠦᠭᠡ ᠶᠢᠨ ᠬᠤᠯᠪᠣᠭᠠᠨ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ