Miss Universe Mongolia ᠲᠡᠮᠡᠴᠡᠭᠡᠨ ᠦ ᠢᠯᠠᠭᠴᠢ ᠶᠢ ᠬᠠᠬᠤᠤᠯᠢ ᠪᠠᠷ ᠲᠣᠳᠣᠷᠠᠭᠤᠯᠤᠭᠰᠠᠨ ᠭᠡᠬᠦ ᠮᠡᠳᠡᠭᠡᠯᠡᠯ ᠢᠷᠡᠭᠰᠡᠨ | News.MN

Miss Universe Mongolia ᠲᠡᠮᠡᠴᠡᠭᠡᠨ ᠦ ᠢᠯᠠᠭᠴᠢ ᠶᠢ ᠬᠠᠬᠤᠤᠯᠢ ᠪᠠᠷ ᠲᠣᠳᠣᠷᠠᠭᠤᠯᠤᠭᠰᠠᠨ ᠭᠡᠬᠦ ᠮᠡᠳᠡᠭᠡᠯᠡᠯ ᠢᠷᠡᠭᠰᠡᠨ

2018 ᠣᠨ ᠳᠤ Miss Universe Mongolia ᠲᠡᠮᠡᠴᠡᠭᠡᠨ ᠦ ᠢᠯᠠᠭᠴᠢ ᠶᠢ ᠬᠠᠬᠤᠤᠯᠢ ᠠᠪᠯᠢᠭ᠎ᠠ ᠪᠠᠷ ᠲᠣᠳᠣᠷᠠᠭᠤᠯᠤᠭᠰᠠᠨ ᠪᠠᠶᠢᠵᠤ ᠪᠣᠯᠵᠣᠰᠢ ᠦᠭᠡᠢ ᠲᠠᠯ᠎ᠠ ᠪᠠᠷ ᠢᠷᠭᠡᠨ ᠪ ∙ ᠰᠣᠯᠣᠩᠭ᠎ᠠ ᠣᠯᠠᠨ ᠨᠡᠶᠢᠲᠡ ᠳᠦ ᠮᠡᠳᠡᠭᠡᠯᠡᠯ ᠬᠢᠯ᠎ᠡ᠃
ᠲᠡᠷᠡ᠄ ᠰᠠᠶ᠋ᠢᠬᠠᠨ ᠨᠠᠳᠠ ᠳᠤ 2018 ᠣᠨ ᠳᠤ ᠪᠣᠯᠤᠭᠰᠠᠨ Miss Universe Mongolia ᠲᠡᠮᠡᠴᠡᠭᠡᠨ ᠦ ᠢᠯᠠᠭᠴᠢ ᠶᠢ ᠬᠠᠬᠤᠤᠯᠢ ᠠᠪᠴᠤ ᠲᠣᠳᠣᠷᠠᠭᠤᠯᠤᠭᠰᠠᠨ ᠭᠡᠬᠦ ᠮᠡᠳᠡᠭᠡᠯᠡᠯ ᠵᠣᠬᠢᠶᠠᠨ ᠪᠠᠶᠢᠭᠤᠯᠤᠭᠴᠢᠳ ᠤᠨ ᠳᠤᠮᠳᠠ ᠠᠴᠠ ᠢᠷᠡᠭᠰᠡᠨ᠃ ᠲᠤᠰ ᠲᠡᠮᠡᠴᠡᠭᠡᠨ ᠦ ᠢᠯᠠᠭᠴᠢ ᠨᠢ 50-60 ᠰᠠᠶ᠎ᠠ ᠲᠥᠭᠥᠷᠢᠭ ᠦᠨ ᠠᠪᠯᠢᠭ᠎ᠠ ᠥᠭᠴᠦ ᠲᠦᠷᠦᠭᠦᠯᠡᠭᠰᠡᠨ ᠭᠡᠬᠦ ᠮᠡᠳᠡᠭᠡᠯᠡᠯ ᠪᠠᠶᠢᠭ᠎ᠠ ᠶᠤᠮ᠃

ᠡᠨᠡ ᠬᠦ ᠮᠡᠳᠡᠭᠡᠯᠡᠯ ᠦᠨ ᠳᠠᠭᠠᠤ ᠮᠢᠨᠦ ᠪᠡᠶ᠎ᠡ ᠢᠷᠭᠡᠨ ᠦ ᠡᠭᠦᠷᠭᠡ ᠪᠡᠨ ᠪᠡᠶᠡᠯᠡᠭᠦᠯᠵᠦ ᠠᠪᠯᠢᠭ᠎ᠠ ᠶᠢᠨ ᠡᠰᠡᠷᠭᠦ ᠬᠠᠤᠯᠢ ᠶᠢᠨ ᠬᠦᠷᠢᠶᠡᠨ ᠳᠦ ᠭᠣᠮᠣᠳᠠᠯ ᠭᠠᠷᠭᠠᠭᠠᠳ ᠪᠠᠶᠢᠨ᠎ᠠ᠃ ᠨᠠᠳᠠ ᠳᠤ ᠬᠡᠳᠦ ᠬᠡᠳᠦᠨ ᠳᠦᠷᠰᠦ ᠪᠢᠴᠢᠯᠭᠡ ᠪᠦᠬᠦᠢ ᠪᠠᠷᠢᠮᠲᠠ ᠪᠠᠶᠢᠭ᠎ᠠ᠃ ᠡᠭᠦᠨ ᠢ ᠮᠡᠷᠭᠡᠵᠢᠯ ᠦᠨ ᠪᠠᠶᠢᠭᠤᠯᠤᠯᠭ᠎ᠠ ᠳᠤ ᠨᠢ ᠬᠢᠨᠠᠭᠤᠯᠤᠨ᠎ᠠ᠃ ᠮᠢᠰᠰ ᠤᠨ ᠲᠡᠮᠡᠴᠡᠭᠡᠨ ᠭᠡᠳᠡᠭ ᠨᠢᠭᠡ ᠤᠳᠠᠭ᠎ᠠ ᠪᠣᠯᠤᠭᠠᠳ ᠥᠩᠭᠡᠷᠡᠳᠡᠭ ᠵᠦᠢᠯ ᠪᠢᠰᠢ᠃ ᠡᠬᠡ ᠣᠷᠣᠨ ᠢᠶᠠᠨ ᠲᠥᠯᠥᠭᠡᠯᠡᠭᠡᠳ ᠣᠷᠣᠯᠴᠠᠳᠠᠭ ᠨᠡᠷ᠎ᠡ ᠬᠦᠨᠳᠦᠲᠡᠢ ᠲᠡᠮᠡᠴᠡᠭᠡᠨ ᠪᠠᠶᠢᠬᠤ ᠤᠴᠢᠷᠲᠠᠢ᠃ ᠡᠭᠦᠨ ᠢ ᠬᠠᠤᠯᠢ ᠪᠤᠰᠤ ᠪᠠᠶᠢᠳᠠᠯ ᠢᠶᠠᠷ ᠠᠪᠯᠢᠭ᠎ᠠ᠂ ᠬᠡᠭᠡᠯᠢ ᠬᠠᠬᠤᠤᠯᠢ ᠠᠪᠴᠤ ᠲᠣᠳᠣᠷᠠᠭᠤᠯᠵᠤ ᠪᠣᠯᠬᠤ ᠦᠭᠡᠢ ᠭᠡᠪᠡ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Зочин 2022-11-25 124.158.119.10

БИЧСЭН ЭХЭЭ БОСОО БОЛГООЧ