ᠪᠣᠭᠳᠠ ᠬᠠᠨ ᠠᠭᠤᠯᠠᠨ ᠠᠴᠠ ᠵᠡᠷᠯᠢᠭᠰᠢᠭᠰᠡᠨ ᠨᠣᠬᠠᠳ ᠢ ᠦᠷᠭᠦᠭᠡᠵᠦ ᠪᠠᠶᠢᠨ᠎ᠠ | News.MN

ᠪᠣᠭᠳᠠ ᠬᠠᠨ ᠠᠭᠤᠯᠠᠨ ᠠᠴᠠ ᠵᠡᠷᠯᠢᠭᠰᠢᠭᠰᠡᠨ ᠨᠣᠬᠠᠳ ᠢ ᠦᠷᠭᠦᠭᠡᠵᠦ ᠪᠠᠶᠢᠨ᠎ᠠ

ᠪᠣᠭᠳᠠ ᠬᠠᠨ ᠠᠭᠤᠯᠠ ᠶᠢᠨ ᠳᠠᠷᠬᠠᠨ ᠴᠠᠭᠠᠵᠠᠲᠤ ᠭᠠᠵᠠᠷ ᠠᠴᠠ ᠵᠡᠷᠯᠢᠭᠰᠢᠭᠰᠡᠨ ᠨᠣᠬᠠᠳ ᠢ ᠪᠠᠷᠢᠬᠤ᠂ ᠦᠷᠭᠦᠭᠡᠬᠦ ᠠᠵᠢᠯ ᠬᠢᠵᠦ ᠡᠬᠢᠯᠡᠵᠡᠢ᠃ ᠤᠴᠢᠷ ᠨᠢ ᠪᠣᠭᠳᠠ ᠬᠠᠨ ᠠᠭᠤᠯᠠ ᠶᠢᠨ ᠵᠠᠶᠢᠰᠠᠩ᠂ ᠴᠢᠨᠳᠠᠮᠤᠨᠢ᠂ ᠪᠣᠭᠣᠨᠢ᠂ ᠬᠡᠦᠰᠢ᠂ ᠠᠷᠴᠠᠲᠤ᠂ ᠨᠦᠬᠡᠲᠦ᠂ ᠵᠢᠷᠭᠠᠯᠠᠩᠲᠤ᠂ ᠲᠦᠷᠭᠡᠨ ᠦ  ᠠᠮᠠ ᠨᠤᠭᠤᠳ ᠲᠤ ᠤᠳᠠᠭᠠᠨ ᠬᠤᠭᠤᠴᠠᠭᠠᠨ ᠤ ᠲᠤᠷᠰᠢᠳᠠ ᠵᠣᠯᠪᠢᠩ ᠨᠣᠬᠠᠳ ᠡᠭᠦᠷᠯᠡᠭᠰᠡᠨ ᠪᠥᠭᠡᠳ ᠣᠶᠢᠷ᠎ᠠ ᠬᠠᠪᠢ ᠳᠤ ᠣᠷᠣᠰᠢᠨ ᠰᠠᠭᠤᠬᠤ ᠢᠷᠭᠡᠳ ᠪᠣᠯᠤᠨ ᠠᠩ ᠠᠮᠢᠲᠠᠨ ᠳᠤ ᠠᠶᠤᠯ ᠤᠴᠠᠷᠠᠭᠤᠯᠬᠤ ᠨᠥᠬᠥᠴᠡᠯ ᠪᠦᠷᠢᠳᠦᠭᠰᠡᠨ ᠠᠵᠡᠢ᠃
ᠲᠠᠰᠢᠷᠠᠮ ᠳᠤ ᠳᠤᠷᠠᠳᠬᠤ ᠳᠤ ᠪᠣᠭᠳᠠ ᠬᠠᠨ ᠠᠭᠤᠯᠠ ᠨᠢ ᠦᠨᠳᠦᠰᠦᠨ ᠦ ᠲᠡᠳᠦᠢ ᠦᠭᠡᠢ᠂ ᠳᠡᠯᠡᠬᠡᠢ ᠶᠢᠨ ᠡᠺᠤᠯᠤᠭᠢ ᠶᠢᠨ ᠲᠡᠩᠴᠡᠯ ᠢ ᠬᠠᠩᠭᠠᠬᠤ ᠳᠤ ᠴᠢᠬᠤᠯᠠ ᠨᠥᠯᠥᠭᠡ ᠪᠦᠬᠦᠢ ᠪᠠᠶᠢᠭᠠᠯᠢ᠂ ᠲᠡᠦᠬᠡ ᠰᠤᠶᠤᠯ᠂ ᠰᠢᠨᠵᠢᠯᠡᠬᠦ ᠤᠬᠠᠭᠠᠨ ᠤ ᠠᠴᠢ ᠬᠣᠯᠪᠣᠭᠳᠠᠯ ᠪᠦᠬᠦᠢ ᠭᠠᠵᠠᠷ ᠬᠡᠮᠡᠨ  ᠶᠤᠨᠧᠰᠺᠤ ᠶᠢᠨ ᠬᠦᠮᠦᠨ ᠪᠠ ᠰᠢᠮ᠎ᠡ ᠮᠠᠨᠳᠠᠯ ᠤᠨ ᠨᠥᠭᠡᠴᠡ ᠭᠠᠵᠠᠷ ᠤᠨ ᠰᠦᠯᠵᠢᠶᠡᠨ ᠳᠦ 1996 ᠣᠨ ᠳᠤ ᠪᠦᠷᠢᠳᠬᠡᠵᠦ᠂ 1997 ᠣᠨ ᠳᠤ ᠭᠡᠷᠡᠴᠢᠯᠡᠭᠡ ᠣᠯᠭᠤᠭᠰᠠᠨ ᠶᠤᠮ᠃

 

ᠰᠡᠳᠬᠢᠭᠳᠡᠯ ᠦᠯᠡᠳᠡᠭᠡᠬᠦ