ᠱ᠊ ·ᠴᠠᠨᠷᠠᠪ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ  ᠠᠴᠠ ᠬᠦᠷᠡᠯ ᠮᠧᠳᠠᠯ ᠬᠦᠷᠲᠡᠯ᠎ᠡ | News.MN

ᠱ᠊ ·ᠴᠠᠨᠷᠠᠪ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ  ᠠᠴᠠ ᠬᠦᠷᠡᠯ ᠮᠧᠳᠠᠯ ᠬᠦᠷᠲᠡᠯ᠎ᠡ

ᠳ᠋ᠠᠨᠮᠠᠷᠺ ᠤᠯᠤᠰ ᠲᠤ ᠪᠣᠯᠵᠤ ᠪᠤᠶ ᠫᠠᠸᠦᠷᠯᠢᠹᠲ᠋ᠢᠨ ᠤ ᠨᠠᠰᠤᠨ ᠳᠤ ᠬᠦᠷᠦᠭᠰᠡᠳ ᠤᠨ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠮᠠᠨ ᠤ ᠤᠯᠤᠰ ᠠᠴᠠ ᠳᠣᠯᠤᠭᠠᠨ ᠲᠠᠮᠢᠷᠴᠢᠨ ᠥᠷᠢᠰᠦᠯᠳᠦᠵᠦ ᠪᠠᠶᠢᠨ᠎ᠡ᠃ ᠡᠷᠡᠭᠲᠡᠶᠢᠴᠦᠳ ᠤᠨ – 120 ᠺᠢᠯᠣᠭ᠍ᠷᠠᠮ  ᠤᠨ ᠵᠢᠩ ᠳᠤ ᠱ᠊ · ᠴᠠᠨᠷᠠᠪ ᠬᠡᠪᠲᠡᠭᠡ ᠰᠢᠬᠠᠯᠲᠠ ᠶᠢᠨ ᠲᠥᠷᠥᠯ ᠳᠤ ᠴᠡᠭᠡᠵᠢᠨ ᠠᠴᠠ 322.5 ᠺᠢᠯᠣᠭ᠍ᠷᠠᠮ  ᠢ ᠰᠢᠬᠠᠭᠰᠠᠨ ᠢᠶᠠᠷ ᠬᠦᠷᠡᠯ ᠮᠧᠳᠠᠯ ᠬᠦᠷᠲᠡᠯ᠎ᠡ᠃

ᠡᠨᠡ ᠨᠢ ᠤᠭ ᠲᠡᠮᠡᠴᠡᠭᠡᠨ ᠠᠴᠠ ᠠᠪᠤᠭᠰᠠᠨ ᠮᠣᠩᠭᠣᠯ ᠤᠨ ᠪᠠᠭ ᠤᠨ ᠠᠩᠬᠠᠨ ᠤ ᠮᠧᠳᠠᠯ ᠪᠣᠯᠪᠠ᠃ ᠲᠡᠷᠡ ᠪᠠᠷ ᠴᠡᠭᠡᠵᠢ ᠰᠢᠬᠠᠯᠲᠠ ᠶᠢᠨ ᠲᠥᠷᠥᠯ ᠢᠶᠠᠷ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ  ᠠᠴᠠ ᠡᠮᠦᠨ᠎ᠡ ᠨᠢ ᠨᠢᠭᠡ ᠮᠦᠡᠭᠬᠦ᠂ ᠬᠤᠶᠠᠷ ᠬᠦᠷᠡᠯ ᠮᠧᠳᠠᠯ ᠬᠦᠷᠲᠡᠵᠦ ᠪᠠᠶᠢᠪᠠ ᠬᠡᠮᠡᠨ ᠪᠡᠶ᠎ᠡ ᠶᠢᠨ ᠲᠠᠮᠢᠷ᠂ ᠰᠫᠣᠷᠲ ᠤᠨ ᠤᠯᠤᠰ ᠤᠨ ᠬᠤᠷᠢᠶᠠᠨ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ