ᠰᠤᠮᠤᠳ ᠤᠨ ᠡᠮᠨᠡᠯᠭᠡ ᠶᠢ ᠠᠷᠢᠭᠤᠨ ᠴᠡᠪᠡᠷ ᠤᠨ ᠪᠠᠶᠢᠭᠤᠯᠤᠮᠵᠢ᠂ ᠬᠠᠯᠠᠭᠤᠨ ᠤᠰᠤ ᠲᠠᠢ ᠪᠤᠯᠭᠠᠨ᠎ᠠ | News.MN

 ᠰᠤᠮᠤᠳ ᠤᠨ ᠡᠮᠨᠡᠯᠭᠡ ᠶᠢ ᠠᠷᠢᠭᠤᠨ ᠴᠡᠪᠡᠷ ᠤᠨ ᠪᠠᠶᠢᠭᠤᠯᠤᠮᠵᠢ᠂ ᠬᠠᠯᠠᠭᠤᠨ ᠤᠰᠤ ᠲᠠᠢ ᠪᠤᠯᠭᠠᠨ᠎ᠠ

ᠡᠷᠡᠭᠦᠯ ᠮᠡᠨᠳᠦ ᠶᠢᠨ ᠰᠠᠶᠢᠳ ᠰ᠊ ·ᠡᠩᠬᠡᠪᠣᠯᠣᠳ᠂ ᠰᠠᠶᠢᠳ ᠤᠨ ᠵᠥᠪᠯᠡᠬᠦ ᠣ᠊·ᠪᠠᠲᠤᠪᠠᠶᠠᠷ ᠨᠠᠷ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠬᠡᠦᠬᠡᠳ ᠤᠨ ᠰᠠᠩ ᠤᠨ ᠰᠠᠭᠤᠷᠢᠨ ᠲᠥᠯᠦᠭᠡᠯᠡᠭᠴᠢ  ᠶᠢᠨ ᠬᠢᠨ ᠢ ᠬᠦᠯᠢᠶᠡᠨ ᠠᠪᠴᠤ ᠠᠭᠤᠯᠵᠠᠯ᠎ᠠ᠃ ᠲᠡᠳᠡᠨ ᠦ ᠳᠡᠮᠵᠢᠯᠭᠡ ᠪᠡᠷ ᠵᠠᠪᠬᠠᠨ᠂ ᠭᠤᠪᠢ ᠠᠯᠲᠠᠢ᠂ ᠪᠠᠶᠠᠩᠬᠤᠩᠭᠤᠷ ᠠᠶᠢᠮᠠᠭ ᠤᠨ 20 ᠭᠠᠷᠦᠢ ᠰᠤᠮᠤ ᠶᠢᠨ ᠡᠮᠨᠡᠯᠭᠡ ᠶᠢᠨ ᠠᠷᠢᠭᠤᠨ ᠴᠡᠪᠡᠷ ᠤᠨ ᠪᠠᠶᠢᠭᠤᠯᠤᠮᠵᠢ ᠲᠠᠢ ᠪᠣᠯᠣᠭᠠᠳ ᠪᠠᠶᠢᠨ᠎ᠡ᠃ ᠡᠨᠡ ᠤᠳᠠᠭ᠎ᠠ ᠳᠤ 21 ᠠᠶᠢᠮᠠᠭ ᠤᠨ ᠪᠦᠬᠦ ᠰᠤᠮᠤᠳ ᠤᠨ ᠡᠮᠨᠡᠯᠭᠡ ᠶᠢ ᠨᠠᠷᠠᠨ ᠤ ᠡᠷᠴᠢᠮ ᠬᠦᠴᠦ ᠪᠠᠷ ᠬᠠᠩᠭᠠᠬᠤ᠂ ᠡᠺᠤ ᠠᠷᠢᠭᠤᠨ ᠴᠡᠪᠡᠷ ᠤᠨ ᠪᠠᠶᠢᠭᠤᠯᠤᠮᠵᠢ ᠲᠠᠢ ᠪᠣᠯᠭᠠᠬᠤ ᠴᠢᠭᠯᠡᠯ ᠳᠤ ᠤᠯᠠᠮ ᠡᠷᠴᠢᠮ ᠲᠠᠢ ᠬᠠᠮᠲᠤᠷᠠᠨ ᠠᠵᠢᠯᠯᠠᠬᠤ ᠪᠠᠷ ᠲᠣᠬᠢᠷᠠᠭᠰᠠᠨ ᠪᠠᠶᠢᠨ᠎ᠡ᠃
ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠬᠡᠦᠬᠡᠳ ᠤᠨ ᠰᠠᠩ ᠤᠨ  ᠬᠢᠨ ᠡᠨᠡ ᠤᠳᠠᠭ᠎ᠠ ᠳᠤ ᠡᠷᠡᠭᠦᠯ ᠮᠡᠨᠳᠦ ᠶᠢᠨ ᠰᠠᠯᠪᠤᠷᠢ ᠶᠢᠨ ᠢᠷᠡᠭᠡᠳᠦᠢ ᠶᠢᠨ ᠤᠳᠤᠷᠢᠳᠤᠭᠴᠢ ᠮᠠᠩᠯᠠᠶᠢᠯᠠᠭᠴᠢ ᠨᠠᠷ ᠢ ᠬᠠᠷᠸᠠᠷᠳ᠋ ᠤᠨ ᠬᠦᠲᠦᠯᠪᠦᠷᠢ ᠳᠤ ᠬᠠᠮᠤᠷᠤᠭᠤᠯᠬᠤ ᠲᠣᠳᠤᠷᠬᠠᠶ ᠬᠡᠮᠵᠢᠶᠡᠨ ᠤ  ᠰᠠᠩᠬᠦᠦᠵᠢᠯᠲᠡ ᠶᠢ ᠰᠢᠢᠳᠦᠭᠰᠡᠨ ᠢᠶᠠᠨ ᠮᠡᠳᠡᠭᠳᠡᠵᠡᠢ᠃ ᠬᠦᠲᠦᠯᠪᠦᠷᠢ ᠳᠤ ᠬᠠᠮᠤᠷᠤᠭᠳᠠᠬᠤ ᠣᠷᠣᠯᠴᠠᠭᠴᠢᠳ ᠤᠨ ᠰᠢᠯᠭᠠᠷᠠᠭᠤᠯᠤᠯᠲᠠ ᠶᠢ ᠢᠯᠡ ᠲᠤᠳᠦ ᠬᠢᠬᠦ ᠶᠤᠮ᠃

ᠰᠡᠳᠬᠢᠭᠳᠡᠯ ᠦᠯᠡᠳᠡᠭᠡᠬᠦ