ᠨᠡᠶᠢᠲᠡ ᠨᠤᠲᠤᠭ ᠤᠨ 30 ᠬᠤᠪᠢ ᠳᠤ ᠴᠠᠰᠤᠨ ᠪᠦᠷᠬᠦᠬᠦᠯ ᠲᠣᠭᠲᠠᠵᠠᠢ | News.MN

ᠨᠡᠶᠢᠲᠡ ᠨᠤᠲᠤᠭ ᠤᠨ 30 ᠬᠤᠪᠢ ᠳᠤ ᠴᠠᠰᠤᠨ ᠪᠦᠷᠬᠦᠬᠦᠯ ᠲᠣᠭᠲᠠᠵᠠᠢ

ᠡᠨᠡ ᠰᠠᠷ᠎ᠠ ᠶᠢᠨ 18-20 ᠤ ᠡᠳᠦᠷ ᠤᠳ ᠲᠤ ᠣᠷᠣᠭᠰᠠᠨ ᠴᠠᠰᠤᠨ ᠤ ᠳᠠᠷᠠᠭ᠎ᠠ ᠪᠠᠷ ᠨᠡᠶᠢᠲᠡ ᠨᠤᠲᠤᠭ ᠤᠨ 30.64 ᠬᠤᠪᠢ ᠳᠤ ᠴᠠᠰᠤᠨ ᠪᠦᠷᠬᠦᠬᠦᠯ ᠲᠣᠭᠲᠠᠭᠰᠠᠨ ᠪᠠᠶᠢᠨ᠎ᠡ᠃ ᠪᠠᠶᠠᠨ ᠥᠯᠥᠭᠡᠢ ᠶᠢᠨ ᠪᠠᠷᠠᠭᠤᠨ᠂ ᠤᠪᠰᠤ᠂ ᠬᠥᠪᠰᠥᠬᠦᠯ᠂ ᠪᠠᠶᠠᠩᠬᠤᠩᠭᠤᠷ᠂  ᠥᠪᠦᠷᠬᠠᠩᠭᠠᠢ᠂ ᠰᠦᠬᠡᠪᠠᠭᠠᠲᠤᠷ ᠤᠨ ᠬᠤᠢᠳᠤ᠂ ᠬᠤᠪᠳᠤ᠂ ᠠᠷᠤᠬᠠᠩᠭᠠᠢ ᠶᠢᠨ ᠡᠮᠦᠨᠡᠳᠦ᠂ ᠭᠤᠪᠢ ᠠᠯᠲᠠᠢ ᠶᠢᠨ ᠵᠡᠭᠦᠨ ᠬᠡᠰᠡᠭ᠂ ᠵᠠᠪᠬᠠᠨ᠂ ᠪᠤᠯᠠᠭᠠᠨ᠂ ᠰᠡᠯᠡᠩᠭᠡ ᠶᠢᠨ ᠵᠠᠷᠢᠮ ᠭᠠᠵᠠᠷ ᠢᠶᠠᠷ᠂ ᠲᠥᠪ᠂ ᠬᠡᠨᠲᠡᠢ᠂ ᠳᠣᠷᠣᠨᠠᠲᠤ ᠶᠢᠨ ᠶᠡᠭᠡᠨᠭᠬᠢ ᠨᠤᠲᠤᠭ ᠢᠶᠠᠷ 0.0-29.0 ᠰᠡᠨᠲ᠋ᠢᠮᠧᠲᠷ ᠴᠠᠰᠤᠨ ᠪᠦᠷᠬᠦᠬᠦᠯ ᠲᠣᠭᠲᠠᠭᠰᠠᠨ ᠪᠠᠶᠢᠨ᠎ᠡ᠃

ᠡᠭᠦᠨ ᠠᠴᠠ ᠬᠠᠮᠤᠬ ᠤᠨ ᠶᠡᠭᠡ ᠨᠢ ᠪᠠᠭᠠᠨᠠᠭᠤᠷ ᠲᠤ 29.0 ᠰᠡᠨᠲ᠋ᠢᠮᠧᠲᠷ ᠂ ᠲᠥᠪ ᠠᠶᠢᠮᠠᠭ ᠤᠨ ᠡᠷᠳᠡᠨᠢ ᠳᠤ 21.0 ᠰᠡᠨᠲ᠋ᠢᠮᠧᠲᠷ ᠂ ᠮᠦᠩᠭᠦᠨᠮᠤᠷᠢᠲᠤ ᠳᠤ 19.0 ᠰᠡᠨᠲ᠋ᠢᠮᠧᠲᠷ᠂ ᠲᠡᠷᠡᠯᠵᠢ᠂ ᠬᠡᠨᠲᠡᠢ ᠶᠢᠨ ᠴᠡᠩᠬᠡᠷ ᠮᠠᠨᠳᠤᠯ ᠳᠤ 16.0 ᠰᠡᠨᠲ᠋ᠢᠮᠧᠲᠷ᠂ ᠵᠢᠷᠭᠠᠯᠠᠩᠲᠤ ᠬᠠᠨ᠂ ᠬᠦᠪᠰᠦᠭᠦᠯ ᠤᠨ ᠴᠡᠭᠠᠠ ᠡᠭᠦᠷ ᠲᠦ 14.0 ᠰᠡᠨᠲ᠋ᠢᠮᠧᠲᠷ᠂ ᠪᠤᠰᠤᠳ ᠨᠤᠲᠤᠭ ᠢᠶᠠᠷ 0.0-13.0 ᠰᠡᠨᠲ᠋ᠢᠮᠧᠲᠷ ᠴᠠᠰᠤᠨ ᠪᠦᠷᠬᠦᠬᠦᠯ ᠲᠣᠭᠲᠠᠵᠠᠢ᠃

ᠰᠡᠳᠬᠢᠭᠳᠡᠯ ᠦᠯᠡᠳᠡᠭᠡᠬᠦ