︽ᠠᠯᠲᠠᠨ ᠴᠤᠭᠯᠠᠭᠤᠯᠪᠤᠷᠢ - 999︾ᠦᠵᠡᠰᠬᠦᠯᠡᠩ ᠥᠨᠥᠳᠥᠷ ᠨᠡᠭᠡᠭᠡᠯᠲᠡ ᠪᠠᠨ ᠬᠢᠨ᠎ᠡ | News.MN

︽ᠠᠯᠲᠠᠨ ᠴᠤᠭᠯᠠᠭᠤᠯᠪᠤᠷᠢ – 999︾ᠦᠵᠡᠰᠬᠦᠯᠡᠩ ᠥᠨᠥᠳᠥᠷ ᠨᠡᠭᠡᠭᠡᠯᠲᠡ ᠪᠠᠨ ᠬᠢᠨ᠎ᠡ

ᠡᠵᠡᠨ ᠪᠤᠬᠳᠠ ᠴᠢᠩᠭᠢᠰ ᠬᠠᠭᠠᠨ ᠤ ᠮᠡᠨᠳᠦᠯᠡᠭᠰᠡᠨ ᠡᠪᠦᠯ ᠤᠨ ᠲᠡᠷᠢᠬᠦᠠ ᠰᠠᠷ᠎ᠠ ᠶᠢᠨ ᠰᠢᠨ᠎ᠡ ᠶᠢᠨ ᠨᠢᠭᠡᠨ  ᠤ ᠡᠳᠦᠷ  ᠢ ᠲᠣᠬᠢᠶᠠᠯᠳᠤᠭᠤᠯᠤᠨ ᠮᠣᠩᠭᠤᠯ ᠤᠯᠤᠰ ᠤᠨ ᠦᠨᠳᠦᠰᠦᠨ ᠤ ᠨᠣᠮ ᠤᠨ ᠰᠠᠩ  ᠮᠣᠩᠭᠣᠯ ᠤᠨ ᠳ᠋ᠢᠫᠯᠣᠮᠠᠲ ᠤᠨ ᠠᠺᠠᠳᠧᠮᠢ ᠲᠠᠢ ᠬᠠᠮᠲᠤᠷᠠᠭᠰᠠᠨ︽ᠠᠯᠲᠠᠨ ᠴᠤᠭᠯᠠᠭᠤᠯᠪᠤᠷᠢ – 999︾ᠨᠣᠮ ᠤᠨ ᠦᠵᠡᠰᠬᠦᠯᠡᠩ ᠢ ᠥᠨᠥᠳᠥᠷ ᠨᠡᠭᠡᠭᠡᠬᠦ ᠭᠡᠵᠦ ᠪᠠᠶᠢᠨ᠎ᠡ᠃ ᠦᠵᠡᠰᠬᠦᠯᠡᠩ ᠳᠤ ᠴᠢᠩᠭᠢᠰ ᠬᠠᠭᠠᠨ ᠬᠢᠭᠡᠳ ᠮᠣᠩᠭᠣᠯ ᠤᠨ ᠡᠵᠡᠨᠲᠦ ᠭᠦᠷᠦᠨ ᠤ ᠲᠡᠦᠬᠡᠨ ᠳᠤ ᠬᠤᠯᠪᠦᠬᠳᠡᠬᠤ 19 ᠣᠷᠣᠨ ᠤ 23 ᠬᠡᠯᠡ ᠳᠡᠭᠡᠷᠡᠬᠢ 1835-2022 ᠣᠨ ᠳᠤ ᠬᠠᠮᠢᠶᠡᠷᠬᠤ 860 ᠨᠡᠷ᠎ᠡ ᠲᠥᠷᠥᠯ ᠤᠨ ᠨᠢᠭᠡ ᠰᠡᠳᠦᠪᠲᠦ ᠨᠣᠮ ᠱᠠᠰᠲᠢᠷ ᠤᠨ ᠳᠡᠭᠡᠵᠢ ᠶᠢ ᠳᠡᠯᠭᠡᠨ ᠲᠣᠯᠢᠯᠠᠭᠤᠯᠬᠤ ᠶᠤᠮ᠃
ᠦᠨᠳᠦᠰᠦᠨ ᠤ ᠨᠣᠮ ᠤᠨ ᠰᠠᠩ ᠤᠨ ᠰᠠᠩ ᠬᠥᠮᠥᠷᠭᠡ ᠳᠤ ᠬᠠᠳᠠᠭᠠᠯᠠᠭᠳᠠᠵᠤ ᠪᠤᠶ ᠪᠤᠯᠦᠠ ᠮᠣᠩᠭᠣᠯ ᠤᠨ ᠳ᠋ᠢᠫᠯᠣᠮᠠᠲ ᠤᠨ ᠠᠺᠠᠳᠧᠮᠢ ᠶᠢᠨ ᠠᠬᠠᠮᠡᠦᠠ ᠳ᠋ᠢᠫᠯᠣᠮᠠᠲᠴᠢᠳ ᠭᠠᠳᠠᠭᠠᠳᠤ ᠣᠷᠣᠨ ᠳᠤ ᠡᠯᠴᠢᠨ ᠰᠠᠶᠢᠳ ᠢᠶᠠᠷ ᠰᠠᠭᠤᠬᠤ ᠬᠤᠭᠤᠴᠠᠭᠠᠨ ᠳᠤ ᠪᠠᠨ ᠰᠠᠭᠤᠭ᠎ᠠ ᠣᠷᠣᠨ ᠨᠤᠭᠤᠳ ᠠᠴᠠ ᠪᠠᠨ ᠴᠤᠭᠯᠠᠭᠤᠯᠤᠭᠰᠠᠨ ᠨᠣᠮ ᠱᠠᠰᠲᠢᠷ᠂ ᠰᠤᠳᠤᠯᠭᠠᠨ ᠤ ᠪᠦᠲᠦᠭᠡᠯ᠂ ᠲᠡᠦᠬᠡᠨ ᠰᠤᠷᠪᠤᠯᠵᠢ ᠶᠢᠨ ᠳᠡᠭᠡᠵᠢ ᠠᠴᠠ ᠡᠵᠡᠨ ᠪᠤᠬᠳᠠ ᠬᠠᠭᠠᠨ ᠤ 860 ᠵᠢᠯ ᠤᠨ ᠣᠢ ᠰᠠᠨᠠᠮᠵᠢ ᠶᠢᠨ ᠰᠣᠶᠣᠷᠬᠠᠯ ᠪᠣᠯᠭᠠᠵᠤ᠂ 860 ᠨᠣᠮ ᠪᠦᠲᠦᠭᠡᠯ ᠢ ᠳᠡᠯᠭᠡᠨ᠎ᠡ᠃

ᠰᠡᠳᠬᠢᠭᠳᠡᠯ ᠦᠯᠡᠳᠡᠭᠡᠬᠦ