ᠠᠮᠧᠷᠢᠺᠠ ᠶᠢᠨ ᠢᠷᠭᠡᠨᠰᠢᠯ᠂ ᠴᠠᠭᠠᠴᠢᠯᠠᠯ ᠤᠨ ᠠᠯᠪᠠᠨ ᠠᠴᠠ 2023 ᠣᠨ ᠤ H – 2 A ᠪᠤᠯᠦᠠ H – 2 B ᠴᠠᠭᠠᠴᠢᠯᠠᠯ ᠤᠨ ᠪᠤᠰᠤ ᠠᠵᠢᠯᠴᠢᠳ ᠤᠨ ᠬᠦᠲᠦᠯᠪᠦᠷᠢ ᠳᠦ ᠬᠠᠮᠤᠷᠤᠭᠳᠠᠬᠤ ᠪᠣᠯᠣᠮᠵᠢ ᠲᠠᠢ ᠭᠠᠳᠠᠭᠠᠳᠤ ᠶᠢᠨ ᠤᠯᠤᠰ ᠤᠳ ᠤᠨ ᠵᠢᠭᠰᠠᠭᠠᠯᠲᠠ ᠶᠢ ᠰᠢᠨᠡᠴᠢᠯᠡᠭᠰᠡᠨ ᠪᠥᠭᠡᠳ ᠮᠠᠨ ᠤ ᠤᠯᠤᠰ ᠡᠮᠦᠨᠡᠬᠢ ᠵᠢᠯ ᠤᠳ ᠲᠤ ᠱᠠᠭᠠᠷᠳᠠᠯᠭ᠎ᠠ ᠪᠦᠷᠢᠠ ᠬᠠᠩᠭᠠᠵᠤ ᠣᠷᠣᠯᠴᠠᠭᠰᠠᠨ ᠲᠤᠯᠠ ᠤᠭ ᠵᠢᠭᠰᠠᠭᠠᠯᠲᠠ ᠳᠤ ᠦᠷᠭᠦᠯᠵᠢᠯᠡᠭᠦᠯᠦᠨ ᠬᠠᠮᠤᠷᠤᠭᠳᠠᠬᠤ ᠪᠣᠯᠣᠮᠵᠢ ᠲᠠᠢ ᠪᠣᠯᠣᠭᠠᠳ ᠪᠠᠶᠢᠨ᠎ᠡ᠃
ᠡᠨᠡ ᠬᠦ ᠰᠢᠢᠳᠪᠦᠷᠢ ᠨᠢ ᠨᠡᠶᠢᠲᠡᠯᠡᠭᠳᠡᠭᠰᠡᠨ ᠡᠳᠦᠷ ᠠᠴᠠ ᠬᠤᠶᠢᠰᠢ ᠨᠢᠭᠡ ᠵᠢᠯ ᠤᠨ ᠬᠤᠭᠤᠴᠠᠭᠠᠨ ᠳᠤ ᠬᠦᠴᠦᠨ ᠲᠠᠢ ᠪᠠᠶᠢᠬᠤ ᠪᠥᠭᠡᠳ 86 ᠤᠯᠤᠰ ᠢ H – 2 A ᠬᠦᠲᠦᠯᠪᠦᠷᠢ ᠳᠦ᠂ 87 ᠤᠯᠤᠰ ᠢ H – 2 B ᠬᠦᠲᠦᠯᠪᠦᠷᠢ ᠳᠦ ᠬᠠᠮᠤᠷᠤᠭᠤᠯᠬᠤ ᠪᠠᠷ ᠲᠤᠰᠬᠠᠵᠠᠢ᠃ ᠮᠣᠩᠭᠤᠯ ᠤᠯᠤᠰ ᠠᠩᠬ᠎ᠠ 2018 ᠣᠨ ᠳᠤ H 2 ᠬᠦᠲᠦᠯᠪᠦᠷᠢ ᠳᠦ ᠬᠠᠮᠤᠷᠤᠭᠳᠠᠵᠤ ᠡᠬᠢᠯᠡᠭᠰᠡᠨ᠃