ᠮᠣᠩᠭᠤᠯ ᠤᠯᠤᠰ ᠭᠠᠳᠠᠭᠠᠳᠤ ᠫᠠᠰᠫᠣᠷᠲ ᠢ ᠥᠪᠡᠷᠰᠡᠳ ᠢᠶᠠᠨ ᠬᠡᠪᠯᠡᠨ᠎ᠡ | News.MN

ᠮᠣᠩᠭᠤᠯ ᠤᠯᠤᠰ ᠭᠠᠳᠠᠭᠠᠳᠤ ᠫᠠᠰᠫᠣᠷᠲ ᠢ ᠥᠪᠡᠷᠰᠡᠳ ᠢᠶᠠᠨ ᠬᠡᠪᠯᠡᠨ᠎ᠡ

ᠮᠣᠩᠭᠤᠯ ᠤᠯᠤᠰ ᠢᠷᠭᠡᠳ ᠤᠨ ᠢᠶᠠᠨ ᠭᠠᠳᠠᠭᠠᠳᠤ ᠫᠠᠰᠫᠣᠷᠲ ᠢ ᠢᠷᠡᠬᠦ ᠣᠨ ᠠᠴᠠ ᠴᠠᠬᠢᠮ ᠪᠤᠯᠭᠠᠨ᠎ᠠ ᠭᠡᠳᠡᠭ ᠢ ᠬᠠᠤᠯᠢ ᠵᠦᠶ᠂ ᠳᠣᠲᠤᠭᠠᠳᠤ ᠬᠡᠷᠡᠭ ᠤᠨ ᠰᠠᠶᠢᠳ ᠬ᠊ ·ᠨᠢᠮᠠᠪᠠᠭᠠᠲᠤᠷ ᠬᠡᠯᠡᠯ᠎ᠡ᠃ ᠲᠡᠷᠡ ᠪᠠᠷ᠄ ᠴᠠᠬᠢᠮ ᠭᠠᠳᠠᠭᠠᠳᠤ ᠫᠠᠰᠫᠣᠷᠲ ᠢ ᠢᠷᠭᠡᠠ ᠪᠤᠯᠭᠠᠨ ᠳᠤ ᠣᠯᠭᠤᠬᠤ ᠠᠵᠢᠯ ᠢ ᠡᠬᠢᠯᠡᠭᠦᠯᠦᠨ᠎ᠡ᠃ ᠲᠤᠬᠠᠢ ᠶᠢᠨ ᠫᠠᠰᠫᠣᠷᠲ  ᠴᠢᠫ ᠲᠠᠢ ᠪᠠᠶᠢᠬᠤ ᠪᠥᠭᠡᠳ ᠬᠢᠯᠢ ᠶᠢᠨ ᠰᠢᠯᠭᠠᠨ ᠳᠡᠭᠡᠷ᠎ᠡ ᠵᠠᠪᠠᠯ ᠲᠠᠮᠠᠭ᠎ᠠ ᠳᠠᠷᠤᠭᠤᠯᠬᠤ ᠦᠭᠡᠢ ᠪᠠᠷ ᠰᠺᠠᠨᠧᠷᠳᠠᠭᠠᠳ ᠭᠠᠷᠴᠤ᠂ ᠣᠷᠣᠬᠤ ᠪᠣᠯᠣᠮᠵᠢ ᠲᠠᠢ ᠪᠣᠯᠤᠨ᠎ᠠ᠃

ᠥᠭᠡᠷ᠎ᠡ ᠪᠠᠷ ᠬᠡᠯᠡᠪᠡᠯ᠂ 2023 ᠣᠨ ᠤ ᠨᠢᠭᠡᠳᠦᠭᠡᠷ ᠤᠯᠠᠷᠢᠯ ᠳᠤ ᠢᠷᠭᠡᠳ ᠠᠩᠬᠠᠨ ᠤ  ᠴᠠᠬᠢᠮ ᠫᠠᠰᠫᠣᠷᠲ ᠢᠶᠠᠷ ᠦᠢᠯᠡᠴᠢᠯᠡᠭᠦᠯᠵᠦ ᠡᠬᠢᠯᠡᠬᠦ ᠶᠤᠮ᠃ ᠮᠦᠨ ᠢᠷᠡᠬᠦ ᠣᠨ ᠠᠴᠠ ᠢᠷᠭᠡᠳ ᠭᠠᠳᠠᠭᠠᠳᠤ ᠫᠠᠰᠫᠣᠷᠲ ᠢ ᠴᠠᠬᠢᠮ ᠢᠶᠠᠷ ᠡᠰᠡᠪᠡᠯ ᠣᠳᠣ ᠶᠢᠨ ᠬᠢ ᠰᠢᠭ᠋ ᠪᠡᠶᠡᠲᠦ ᠪᠠᠷ ᠬᠡᠪᠯᠡᠭᠦᠯᠬᠦ ᠰᠣᠩᠭᠤᠯᠲᠠ ᠪᠠᠨ ᠥᠪᠡᠷ ᠢᠶᠠᠨ ᠬᠢᠬᠦ ᠪᠣᠯᠣᠮᠵᠢ ᠲᠠᠢ ᠪᠣᠯᠬᠤ ᠶᠤᠮ ᠪᠠᠶᠢᠨ᠎ᠡ᠃

ᠰᠡᠳᠬᠢᠭᠳᠡᠯ ᠦᠯᠡᠳᠡᠭᠡᠬᠦ