ᠰᠡᠭᠦᠯ ᠤᠨ 24 ᠴᠠᠭ ᠲᠤ ᠭᠤᠷᠪᠠᠨ ᠠᠶᠢᠮᠠᠭ  ᠲᠤ ᠬᠦᠴᠦᠲᠡᠢ ᠭᠠᠵᠠᠷ ᠬᠥᠳᠡᠯᠵᠡᠢ | News.MN

ᠰᠡᠭᠦᠯ ᠤᠨ 24 ᠴᠠᠭ ᠲᠤ ᠭᠤᠷᠪᠠᠨ ᠠᠶᠢᠮᠠᠭ  ᠲᠤ ᠬᠦᠴᠦᠲᠡᠢ ᠭᠠᠵᠠᠷ ᠬᠥᠳᠡᠯᠵᠡᠢ

ᠮᠣᠩᠭᠤᠯ ᠤᠯᠤᠰ ᠲᠤ ᠰᠡᠭᠦᠯ ᠤᠨ 24 ᠴᠠᠭ ᠲᠤ ᠭᠤᠷᠪᠠᠨ ᠠᠶᠢᠮᠠᠭ ᠲᠤ 3.6-4.6 ᠳᠡᠰ ᠦᠨ ᠬᠦᠴᠦᠲᠡᠢ ᠭᠠᠵᠠᠷ ᠬᠥᠳᠡᠯᠦᠭᠰᠡᠨ ᠪᠠᠶᠢᠨ᠎ᠡ᠃ ᠲᠣᠳᠣᠷᠠᠭᠤᠯᠪᠠᠯ᠂ ᠪᠠᠶᠠᠨ ᠥᠯᠥᠭᠡᠶ ᠠᠶᠢᠮᠠᠭ ᠤᠨ ᠴᠡᠩᠭᠡᠯ ᠰᠤᠮᠤ ᠶᠢᠨ 5 ᠳ᠋ᠤᠭᠠᠷ ᠪᠠᠭ ᠤᠨ︽ᠪᠣᠷᠤ ᠪᠤᠷᠭᠠᠰᠤ︾ᠭᠡᠳᠡᠭ ᠭᠠᠵᠠᠷ ᠥᠴᠥᠭᠡᠳᠦᠷ 10:47 ᠴᠠᠭ ᠲᠤ 4.6 ᠳᠡᠰ ᠦᠨ ᠬᠦᠴᠦᠲᠡᠢ ᠭᠠᠵᠠᠷ ᠬᠥᠳᠡᠯᠦᠯᠲᠡ ᠪᠣᠯᠵᠠᠢ᠃  ᠮᠦᠠ ᠥᠴᠥᠭᠡᠳᠦᠷ ᠬᠥᠪᠰᠥᠬᠦᠯ ᠠᠶᠢᠮᠠᠭ ᠤᠨ ᠬᠠᠩᠬᠤ ᠰᠤᠮᠤ ᠶᠢᠨ ᠬᠤᠷᠤᠭ᠎ᠠ ᠪᠠᠭ ᠤᠨ︽ ᠬᠠᠴᠢᠮ︾ᠭᠡᠳᠡᠭ ᠭᠠᠵᠠᠷ 14:16 ᠴᠠᠭ ᠲᠤ 4.1 ᠳᠡᠰ ᠦᠨ ᠬᠦᠴᠦᠲᠡᠢ ᠭᠠᠵᠠᠷ ᠬᠥᠳᠡᠯᠦᠭᠰᠡᠨ ᠪᠠᠢᠨ᠎ᠠ᠃

ᠳᠣᠷᠤᠨᠠᠭᠤᠪᠢ ᠠᠶᠢᠮᠠᠭ ᠤᠨ ᠬᠠᠲᠠᠨᠪᠤᠯᠠᠭ ᠰᠤᠮᠤ ᠶᠢᠨ ᠬᠠᠯᠢᠪ ᠪᠠᠭ ᠤᠨ ︽ᠤᠷᠲᠤ ᠬᠥᠪ︾ᠭᠡᠳᠡᠭ ᠭᠠᠵᠠᠷ ᠡᠨᠡ ᠰᠠᠷ᠎ᠠ ᠶᠢᠨ 17 ᠠᠴᠠ18 ᠳᠤ ᠰᠢᠯᠵᠢᠬᠦ ᠰᠥᠨᠢ 03:16 ᠴᠠᠭ ᠲᠤ 3.6 ᠳᠡᠰ ᠦᠨ ᠬᠦᠴᠦᠲᠡᠢ ᠭᠠᠵᠠᠷ ᠬᠥᠳᠡᠯᠵᠡᠢ᠃ ᠭᠤᠷᠪᠠ ᠤᠳᠠᠭ᠎ᠠ ᠶᠢᠨ ᠭᠠᠵᠠᠷ ᠬᠥᠳᠡᠯᠦᠯᠲᠡ ᠳᠦ ᠬᠤᠬᠢᠷᠠᠯ ᠪᠦᠷᠢᠳᠬᠡᠭᠳᠡᠭᠡ ᠦᠭᠡᠶ ᠪᠠᠶᠢᠨ᠎ᠡ᠃

ᠰᠡᠳᠬᠢᠭᠳᠡᠯ ᠦᠯᠡᠳᠡᠭᠡᠬᠦ